ᠨᠠᠰᠤᠳᠠᠶᠢᠴᠤᠳ ᠸᠢᠲ᠋ᠠᠮᠢᠨ ᠨᠦᠬᠦᠬᠦ ᠳᠡᠭᠡᠨ ᠠᠩᠬᠠᠷᠬᠤ ᠵᠦᠢᠯ
ᠨᠡᠶᠢᠲᠡᠯᠡᠭᠰᠡᠨ ᠴᠠᠭ᠄
2018-08-01
     ᠨᠠᠰᠤᠳᠠᠶᠢᠴᠤᠳ ᠤᠨ ᠦᠩᠭᠡᠨ ᠬᠦᠷᠦᠰᠦ ᠠᠮᠠᠷᠬᠠᠨ ᠰᠢᠷᠬᠠᠳᠤᠳᠠᠭ ᠪᠠ ᠡᠪᠡᠳᠴᠢᠨ ᠢ ᠡᠰᠡᠷᠭᠦᠴᠡᠬᠦ ᠴᠢᠳᠠᠪᠤᠷᠢ ᠨᠢ ᠬᠠᠷᠢᠴᠠᠩᠭᠤᠢ ᠪᠠᠭᠤᠷᠠᠳᠠᠭ ᠪᠤᠯᠬᠤᠷ᠂ ᠦᠩᠭᠡᠨ ᠬᠦᠷᠦᠰᠦᠨ ᠤ ᠡᠰ ᠢ ᠳᠦᠯᠵᠢᠭᠦᠯᠳᠡᠭ ᠸᠢᠲ᠋ᠠᠮᠢᠨ A ᠶᠢ ᠵᠤᠬᠢᠬᠤ ᠬᠡᠮᠵᠢᠶᠡᠨ ᠳᠤ ᠨᠦᠬᠦᠵᠦ ᠪᠠᠶᠢᠬᠤ ᠴᠢᠬᠤᠯᠠᠳᠠᠢ ᠪᠠᠶᠢᠳᠠᠭ᠃      ᠢᠳᠡᠭᠡᠨ ︵ᠬᠤᠯᠤᠤᠪᠠᠩ᠂ ᠴᠠᠭᠠᠨ ᠢᠳᠡᠭᠡᠨ᠂ ᠦᠨᠳᠡᠭᠡ᠂ ᠠᠮᠢᠳᠠᠨ ᠤ ᠡᠯᠢᠭᠡ᠂ ᠬᠦᠨ ᠦᠩᠭᠡᠳᠡᠢ ᠢᠳᠡᠰᠢᠨ ᠨᠤᠭᠤᠭ᠎ᠠ︶ ᠤ ᠳᠤᠳᠤᠷ᠎ᠠ ᠠᠴᠠ ᠨᠦᠬᠦᠵᠦ ᠠᠪᠬᠤ ᠠᠴᠠ ᠬᠢᠴᠢᠶᠡᠬᠦ ᠶᠢᠨ ᠬᠠᠮᠳᠤ᠂ ᠸᠢᠲ᠋ᠠᠮᠢᠨ A ᠶᠢᠨ ᠬᠤᠮᠵᠢᠶ᠎ᠠ ᠦᠷᠡᠯ ᠤᠤᠭᠤᠵᠤ ᠪᠤᠯᠤᠨ᠎ᠠ᠃ ᠡᠳᠦᠷ ᠲᠤ 25000 ᠤᠯᠠᠨ ᠤᠯᠤᠰ ᠤᠨ ᠨᠢᠭᠡᠴᠢ ᠠᠭᠤᠯᠤᠭᠳᠠᠴᠠ ᠲᠠᠢ 1 ᠦᠷᠡᠯ ᠤᠨ ᠬᠡᠮᠵᠢᠶ᠎ᠠ ᠪᠠᠷ ᠭᠡᠰᠡᠭ ᠭᠡᠰᠡᠭ ᠬᠤᠭᠤᠴᠠᠭ᠎ᠠ ᠪᠠᠷ ᠳᠠᠰᠤᠯᠳᠠᠭᠤᠯᠤᠨ ᠤᠤᠭᠤᠵᠤ ᠪᠤᠯᠤᠨ᠎ᠠ᠃      ᠸᠢᠲ᠋ᠠᠮᠢᠨ B1 ᠨᠢ ᠬᠦᠯ ᠤᠨ ᠪᠠᠮ ᠡᠪᠡᠳᠴᠢᠨ ᠢ ᠰᠡᠷᠭᠡᠶᠢᠯᠡᠨ᠂ ᠬᠤᠭᠤᠯᠠᠨ ᠤ ᠳᠤᠷᠠᠰᠢᠯ ᠢ ᠰᠠᠶᠢᠵᠢᠷᠠᠭᠤᠯᠵᠤ ᠂ ᠮᠡᠳᠡᠷᠡᠯ ᠢ ᠰᠢᠮᠡᠵᠢᠭᠦᠯᠦᠨ᠂ ᠪᠤᠯᠴᠢᠩ ᠤᠨ ᠴᠢᠳᠠᠪᠬᠢ ᠶᠢ ᠰᠠᠶᠢᠵᠢᠷᠠᠭᠤᠯᠬᠤ ᠵᠡᠷᠭᠡ ᠦᠢᠯᠡᠳᠦᠯ ᠲᠠᠢ ᠪᠠᠶᠢᠳᠠᠭ᠃ ᠬᠤᠭᠤᠯᠠᠨ ᠤ ᠳᠤᠷᠠᠰᠢᠯ ᠮᠠᠭᠤᠳᠠᠬᠤ᠂ ᠰᠢᠩᠭᠡᠭᠡᠯᠳᠡ ᠮᠠᠭᠤᠳᠠᠬᠤ ᠪᠤᠶᠤ ᠳᠤᠭᠤᠷᠢᠨ ᠤ ᠮᠡᠳᠡᠷᠡᠯ ᠦᠷᠪᠢᠰᠦᠯᠯᠡᠬᠦ ᠵᠡᠷᠭᠡ ᠪᠤᠯ ᠨᠠᠰᠤᠳᠠᠶᠢᠴᠤᠳ ᠲᠤ ᠦᠷᠭᠦᠯᠵᠢ ᠢᠯᠡᠷᠡᠳᠡᠭ ᠡᠪᠡᠳᠴᠢᠨ ᠤ ᠢᠯᠡᠷᠡᠯ ᠪᠤᠯᠤᠨ᠎ᠠ᠂ ᠸᠢᠲ᠋ᠠᠮᠢᠨ B1 ᠶᠢ ᠨᠦᠬᠦᠬᠦ ᠨᠢ ᠡᠳᠡᠭᠡᠷ ᠢᠯᠡᠷᠡᠯ ᠢ ᠨᠠᠮᠳᠠᠭᠤᠯᠬᠤ ᠳᠤ ᠴᠢᠬᠤᠯᠠ ᠦᠢᠯᠡᠳᠦᠯ ᠦᠵᠡᠭᠦᠯᠳᠡᠭ᠃ ᠸᠢᠲ᠋ᠠᠮᠢᠨ B1 ᠨᠢ ᠨᠠᠷᠢᠮᠤ ᠶᠢᠨ ᠵᠦᠢᠯ᠂ ᠪᠤᠭᠤᠳᠠᠢ᠂ ᠰᠢᠷ᠎ᠠ ᠪᠤᠷᠴᠠᠭ ᠵᠡᠷᠭᠡ ᠪᠦᠲᠦᠭᠦᠯᠢᠭ ᠪᠤᠯᠪᠠᠰᠤᠷᠠᠭᠤᠯᠤᠭᠰᠠᠨ ᠢᠳᠡᠭᠡᠨ ᠤ ᠵᠦᠢᠯ ᠳᠤ ᠡᠯᠪᠡᠭ ᠠᠭᠤᠯᠤᠭᠳᠠᠳᠠᠭ᠃ ᠸᠢᠲ᠋ᠠᠮᠢᠨ B1 ᠨᠦᠬᠦᠬᠦ ᠦᠷᠡᠯ ᠤᠤᠭᠤᠪᠠᠯ᠂ 10 ᠮᠢᠯᠢᠭᠷᠡᠮ ᠤᠨ ᠠᠭᠤᠯᠤᠭᠳᠠᠴᠠ ᠲᠠᠢ ᠦᠷᠡᠯ ᠢ 2 ᠰᠢᠷᠭᠡᠭ ᠢᠶᠠᠷ ᠡᠳᠤᠷ ᠲᠤ 3 ᠤᠳᠠᠭ᠎ᠠ ᠪᠠᠷ ᠦᠷᠭᠦᠯᠵᠢ ᠤᠤᠭᠤᠬᠤ ᠪᠤᠶᠤ ᠳᠠᠰᠤᠯᠳᠠᠭᠤᠯᠤᠨ ᠤᠤᠭᠤᠵᠤ ᠪᠤᠯᠤᠨ᠎ᠠ᠃      ᠸᠢᠲ᠋ᠠᠮᠢᠨ E ᠶᠢ ᠪᠠᠰᠠ ︽ᠪᠤᠶᠢᠵᠢᠯᠳᠠ ᠶᠢᠨ ᠹᠧᠨᠤᠯ︾ ᠭᠡᠳᠡᠭ᠃ ᠳᠡᠷᠡ ᠨᠢ ᠴᠢᠯᠦᠭᠡᠳᠦ ᠪᠦᠯᠦᠭ ᠢ ᠠᠷᠢᠯᠭᠠᠬᠤ᠂ ᠢᠰᠦᠯᠳᠦᠬᠦ ᠶᠢ ᠡᠰᠡᠷᠭᠦᠴᠡᠬᠦ᠂ ᠪᠡᠶ᠎ᠡ ᠳᠠᠬᠢ ︽ᠭᠡᠳᠦ ᠢᠰᠦᠯᠳᠦᠭᠰᠡᠨ ᠦᠭᠡᠬᠦᠯᠢᠭ︾ ᠢ ᠴᠡᠪᠡᠷᠯᠡᠬᠦ ᠵᠡᠷᠭᠡ ᠦᠢᠯᠡᠳᠦᠯ ᠲᠠᠢ ᠪᠠᠶᠢᠵᠤ᠂ ᠪᠡᠶ᠎ᠡ ᠮᠠᠬᠠᠪᠤᠳ ᠤᠨ ᠦᠳᠡᠯᠬᠦ ᠶᠢ ᠤᠳᠠᠭᠠᠰᠢᠷᠠᠭᠤᠯᠳᠠᠭ᠃ ᠳᠡᠶᠢᠮᠦ ᠠᠴᠠ ᠸᠢᠲ᠋ᠠᠮᠢᠨ E ᠨᠦᠬᠦᠪᠦᠷᠢᠯᠡᠬᠦ ᠨᠢ ᠨᠠᠰᠤᠳᠠᠶᠢᠴᠤᠳ ᠲᠤ ᠠᠪᠴᠤ ᠬᠡᠯᠡᠪᠡᠯ ᠳᠤᠩ ᠴᠢᠬᠤᠯᠠ᠃ ᠢᠳᠡᠭᠡᠨ ᠤᠮᠳᠠᠭᠠᠨ ︵ᠨᠤᠭᠤᠭᠠᠨ ᠦᠩᠭᠡᠳᠦ ᠤᠷᠭᠤᠮᠠᠯ᠂ ᠤᠨᠴᠠᠭᠠᠢᠢᠯᠠᠨ ᠪᠠᠶᠢᠭᠠᠯᠢ ᠶᠢᠨ ᠤᠷᠭᠤᠮᠠᠯ ᠤᠨ ᠳᠤᠰᠤ︶ ᠠᠴᠠ ᠰᠢᠩᠭᠡᠭᠡᠨ ᠠᠪᠬᠤ ᠠᠴᠠ ᠭᠠᠳᠠᠨ᠎ᠠ᠂ ᠸᠢᠲ᠋ᠠᠮᠢᠨ E ᠶᠢᠨ ᠬᠤᠮᠵᠢᠶ᠎ᠠ ᠦᠷᠡᠯ ᠢ ᠡᠳᠦᠷ ᠲᠤ 400 ᠮᠢᠯᠢᠭᠷᠡᠮ ᠠᠴᠠ ᠢᠯᠡᠭᠦᠦ ᠬᠡᠮᠵᠢᠶ᠎ᠠ ᠪᠠᠷ ᠤᠤᠭᠤᠨ᠎ᠠ᠃     ᠸᠢᠲ᠋ᠠᠮᠢᠨ C ᠶᠢ ᠪᠠᠰᠠ ︽ᠴᠢᠰᠦ ᠦᠵᠢᠷᠡᠬᠦ ᠶᠢ ᠡᠰᠡᠷᠭᠦᠴᠡᠬᠦ ᠬᠦᠴᠢᠯ︾ ᠭᠡᠳᠡᠭ᠃ ᠨᠠᠰᠤᠳᠠᠶᠢᠴᠤᠳ ᠲᠤ ᠠᠪᠴᠤ ᠬᠡᠯᠡᠪᠡᠯ᠂ ᠸᠢᠲ᠋ᠠᠮᠢᠨ C ᠤᠤᠭᠤᠬᠤ ᠪᠠᠷ ᠳᠠᠮᠵᠢᠭᠤᠯᠤᠨ ᠡᠯ᠎ᠠ ᠵᠦᠢᠯ ᠤᠨ ᠬᠠᠯᠳᠠᠪᠤᠷᠢᠯᠠᠯ ᠢ ᠡᠰᠡᠷᠭᠦᠴᠡᠬᠦ ᠴᠢᠳᠠᠪᠤᠷᠢ ᠪᠠᠨ ᠳᠡᠭᠡᠭᠰᠢᠯᠡᠭᠦᠯᠬᠦ ᠪᠤᠯ ᠳᠤᠩ ᠴᠢᠬᠤᠯᠠᠳᠠᠢ ᠶᠠᠪᠤᠳᠠᠯ ᠪᠤᠯᠤᠨ᠎ᠠ᠃ ᠡᠭᠦᠨ ᠤ ᠬᠠᠮᠳᠤ᠂ ᠴᠢᠰᠦᠨ ᠰᠤᠳᠠᠯ ᠂ ᠤᠨᠴᠠᠭᠠᠢᠢᠯᠠᠨ ᠪᠦᠬᠦ ᠪᠡᠶ᠎ᠡ ᠶᠢᠨ ᠬᠢᠯᠭᠠᠰᠤᠨ ᠰᠤᠳᠠᠯ ᠤᠨ ᠡᠷᠡᠭᠦᠯ ᠪᠦᠲᠦᠨ ᠪᠠᠶᠢᠬᠤ ᠶᠢ ᠪᠠᠳᠤᠯᠠᠵᠤ᠂ ᠴᠢᠰᠦ ᠭᠠᠷᠬᠤ ᠶᠢ ᠰᠡᠷᠭᠡᠶᠢᠯᠡᠬᠦ ᠪᠤᠯ ᠨᠠᠰᠤᠳᠠᠶᠢᠴᠤᠳ ᠲᠤ ᠤᠨᠴᠠᠭᠠᠢ ᠠᠴᠢ ᠬᠤᠯᠪᠤᠭᠳᠠᠯ ᠲᠠᠢ ᠶᠤᠮ᠃ ᠸᠢᠲ᠋ᠠᠮᠢᠨ C ᠪᠠᠰᠠ ᠪᠡᠶ᠎ᠡ ᠮᠠᠬᠠᠪᠤᠳ ᠤᠨ ᠬᠠᠯᠳᠠᠪᠤᠷᠢᠳᠤ ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠳᠡᠭᠡᠭᠰᠢᠯᠡᠭᠦᠯᠬᠦ᠂ ᠰᠢᠷᠬᠠᠨ ᠤ ᠡᠳᠡᠭᠡᠷᠡᠯᠳᠡ ᠶᠢ ᠳᠦᠷᠭᠡᠳᠭᠡᠬᠦ᠂ ᠬᠤᠯᠪᠤᠬᠤ ᠨᠡᠭᠡᠳᠡᠰᠦ ᠶᠢᠨ ᠪᠦᠷᠢᠯᠳᠦᠬᠦ ᠶᠢ ᠠᠬᠢᠭᠤᠯᠬᠤ ᠵᠡᠷᠭᠡ ᠦᠢᠯᠡᠳᠦᠯ ᠲᠠᠢ ᠪᠠᠶᠢᠳᠠᠭ᠃ ᠢᠳᠡᠭᠡᠨ ᠤᠮᠳᠠᠭᠠᠨ ︵ᠰᠢᠨ᠎ᠠ ᠰᠤᠷᠭᠤᠭ ᠨᠤᠭᠤᠭ᠎ᠠ ᠵᠢᠮᠢᠰ︶ ᠢᠶᠠᠷ ᠨᠦᠬᠦᠬᠦ ᠠᠴᠠ ᠭᠠᠳᠠᠨ᠎ᠠ ᠸᠢᠲ᠋ᠠᠮᠢᠨ C ᠶᠢᠨ ᠦᠷᠡᠯ ᠢ ᠤᠤᠭᠤᠵᠤ ᠪᠤᠯᠤᠨ᠎ᠠ᠃                                                    ᠨᠠᠶᠢᠷᠠᠭᠤᠯᠤᠭᠴᠢ᠄ ᠴᠡᠯᠮᠡᠭ
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3