ᠵᠤᠩᠬᠢᠯᠠᠬᠤ ᠤᠯᠠᠨ ᠳᠤᠭᠠᠨ ᠤ ᠬᠦᠮᠦᠨ ᠢᠳᠡᠭᠡᠨ ᠤᠮᠳᠠᠭᠠᠨ ᠢᠶᠠᠷ ᠢᠶᠠᠨ ᠪᠡᠶ᠎ᠡ ᠳᠤ ᠭᠡᠷᠡᠭᠰᠡᠬᠦ | ᠤᠭᠤᠷᠠᠭ ᠢᠶᠠᠨ ᠰᠢᠩᠭᠡᠭᠡᠨ ᠠᠪᠴᠤ ᠳᠡᠶᠢᠯᠳᠡᠭ᠃ ᠵᠠᠷᠢᠮ ᠬᠦᠮᠦᠨ ᠤᠭᠤᠷᠠᠭ ᠤᠨ ᠳᠠᠯᠬ᠎ᠠ ᠠᠪᠴᠤ ᠢᠳᠡᠳᠡᠭ᠂ | ᠦᠨᠡᠨᠳᠡᠭᠡᠨ ᠳᠡᠷᠡ ᠨᠢ ᠬᠦᠮᠦᠨ ᠪᠤᠯᠭᠠᠨ ᠳᠤ ᠵᠤᠬᠢᠷᠠᠳᠠᠭ ᠶᠠᠭᠤᠮ᠎ᠠ ᠪᠢᠰᠢ᠂ ᠵᠦᠪᠬᠡᠨ ᠭᠤᠷᠪᠠᠨ ᠳᠦᠷᠦᠯ ᠤᠨ | ᠬᠦᠮᠦᠨ ᠡᠳ᠋ᠯᠡᠬᠦ ᠳᠤ ᠨᠡᠯᠢᠶᠡᠳ ᠳᠤᠬᠢᠷᠠᠮᠵᠢᠳᠠᠢ ᠪᠠᠶᠢᠳᠠᠭ᠄ | 1. ᠵᠢᠷᠮᠤᠰᠤᠨ ᠪᠦᠰᠡᠭᠦᠢ᠂ ᠬᠦᠬᠦᠬᠦᠯ ᠡᠬᠡ ᠪᠠ ᠬᠤᠳᠤᠭᠤᠳᠤ ᠭᠡᠳᠡᠰᠦᠨ ᠤ ᠴᠢᠳᠠᠪᠬᠢ ᠨᠢ ᠮᠠᠭᠤᠳᠠᠭᠰᠠᠨ | ᠬᠤᠭᠤᠯᠠ ᠳᠡᠮᠡᠢ ᠢᠳᠡᠵᠦ ᠳᠡᠶᠢᠯᠳᠡᠭ ᠦᠭᠡᠢ ᠨᠠᠰᠤᠳᠠᠶᠢᠴᠤᠳ᠃ | 2. ᠤᠯᠠᠨ ᠡᠭᠦᠰᠦᠯᠳᠦ ᠶᠠᠰᠤ ᠪᠡᠷᠳᠡᠭᠰᠡᠨ᠂ ᠬᠠᠪᠤᠳᠠᠷ ᠤᠨ ᠬᠢᠮᠢ ᠶᠢᠨ ᠵᠠᠰᠠᠯᠭ᠎ᠠ ᠬᠢᠵᠦ ᠪᠠᠶᠢᠭ᠎ᠠ᠂ ᠠᠷᠠᠰᠤ | ᠶᠡᠭᠡ ᠬᠡᠮᠵᠢᠶ᠎ᠠ ᠪᠠᠷ ᠤᠯᠪᠤᠷᠠᠬᠤ ᠵᠡᠷᠭᠡ ᠡᠪᠡᠳᠴᠢᠨ ᠲᠠᠢ ᠬᠦᠮᠦᠰ᠃ | 3. ᠮᠡᠳᠡᠷᠡᠯ ᠤᠨ ᠴᠢᠨᠠᠷᠳᠠᠢ ᠬᠤᠭᠤᠯᠠ ᠵᠢᠭᠰᠢᠬᠦ᠂ ᠴᠢᠳᠠᠪᠬᠢ ᠶᠢᠨ ᠴᠢᠨᠠᠷᠳᠠᠢ ᠰᠢᠩᠭᠡᠭᠡᠯᠳᠡ ᠮᠠᠭᠤ᠂ ᠨᠠᠷᠢᠨ | ᠭᠡᠳᠡᠰᠦᠨ ᠤ ᠰᠢᠩᠭᠡᠭᠡᠯᠳᠡ ᠶᠢᠨ ᠬᠠᠷᠰᠢᠯᠠᠯ ᠲᠠᠢ ᠡᠪᠡᠳᠴᠢᠳᠡᠨ᠃ ᠤᠭᠤᠷᠠᠭ ᠤᠨ ᠳᠠᠯᠬ᠎ᠠ ᠢᠳᠡᠬᠦ ᠭᠡᠷᠡᠭᠳᠡᠢ ᠪᠠᠷ | ᠪᠤᠳᠤᠬᠤ ᠳᠤ᠂ ᠡᠳᠦᠷ ᠲᠤ 15 — 20 ᠭᠷᠡᠮ ᠢᠳᠡᠪᠡᠯ ᠪᠤᠯᠬᠤ ᠨᠢ ᠳᠡᠷᠡ᠂ ᠬᠡᠷᠪᠡ ᠭᠡᠳᠦᠷᠡᠪᠡᠯ ᠪᠡᠶ᠎ᠡ ᠳᠤ | ᠡᠷᠭᠢᠭᠡᠳ ᠳᠠᠷᠤᠭᠠᠰᠤ ᠪᠤᠯᠤᠨ᠎ᠠ᠃ ᠤᠭᠤᠷᠠᠭ ᠤᠨ ᠳᠠᠯᠬ᠎ᠠ ᠨᠢ ᠠᠮᠠᠷᠬᠠᠨ ᠠᠭᠤᠰᠴᠤ ᠵᠠᠳᠠᠷᠠᠳᠠᠭ ᠦᠭᠡᠢ᠂ ᠰᠢᠩᠭᠡᠨ | ᠪᠤᠳᠠᠭᠠᠨ ᠳᠤ ᠬᠢᠵᠦ ᠢᠳᠡᠬᠦ ᠶᠢ ᠰᠠᠨᠠᠭᠤᠯᠵᠤ ᠪᠠᠶᠢᠨ᠎ᠠ᠂ ᠬᠤᠭᠤᠯᠠᠨ ᠤ ᠡᠮᠦᠨ᠎ᠠ ᠬᠤᠶᠢᠨ᠎ᠠ ᠢᠳᠡᠵᠦ ᠪᠦᠷ ᠪᠤᠯᠤᠨ᠎ᠠ᠃ | | ᠤᠭᠤᠷᠠᠭ ᠤᠨ ᠳᠠᠯᠬ᠎ᠠ ᠶᠢ ᠰᠤᠩᠭᠤᠵᠤ ᠢᠳᠡᠬᠦ ᠳᠡᠭᠡᠨ ᠭᠡᠳᠦᠨ ᠳᠠᠯ᠎ᠠ ᠶᠢᠨ ᠠᠳᠡᠭᠦᠷᠡᠯ ᠢ ᠵᠦᠪ ᠤᠢᠢᠯᠠᠭᠠᠬᠤ | ᠭᠡᠷᠡᠭᠳᠡᠢ | ᠠᠳᠡᠭᠦᠷᠡᠯ 1᠄ ᠤᠭᠤᠷᠠᠭ ᠤᠨ ᠳᠠᠯᠬ᠎ᠠ ᠢᠳᠡᠪᠡᠯ ᠦᠯᠦ ᠬᠠᠯᠳᠠᠭᠠᠬᠤ ᠴᠢᠳᠠᠪᠤᠷᠢ ᠶᠢ ᠳᠡᠭᠡᠭᠰᠢᠯᠡᠭᠦᠯᠳᠡᠭ | ᠦᠨᠡᠨ ᠪᠠᠶᠢᠳᠠᠯ ᠨᠢ᠄ ᠦᠯᠦ ᠬᠠᠯᠳᠠᠭᠠᠬᠤ ᠴᠢᠳᠠᠪᠤᠷᠢ ᠪᠠᠨ ᠳᠡᠭᠡᠭᠰᠢᠯᠡᠭᠦᠯᠤᠶᠠ ᠭᠡᠪᠡᠯ ᠰᠢᠮ᠎ᠠ ᠳᠡᠵᠢᠭᠡᠯ ᠢ | ᠵᠦᠢ ᠵᠤᠬᠢᠰᠳᠠᠢ ᠪᠠᠷ᠂ ᠳᠡᠩᠴᠡᠭᠦᠷᠢ ᠲᠠᠢ ᠪᠠᠷ ᠰᠢᠩᠭᠡᠭᠡᠨ ᠠᠪᠬᠤ ᠶᠢ ᠠᠩᠬᠠᠷᠬᠤ ᠭᠡᠷᠡᠭᠳᠡᠢ᠃ ᠬᠤᠭᠤᠯᠠ | ᠬᠤᠰᠢ ᠪᠠᠨ ᠰᠠᠶᠢᠨ ᠢᠳᠡᠬᠦ ᠦᠭᠡᠢ᠂ ᠵᠦᠪᠬᠡᠨ ᠤᠭᠤᠷᠠᠭ ᠤᠨ ᠳᠠᠯᠬ᠎ᠠ ᠪᠠᠷ ᠬᠤᠭᠤᠯᠠ ᠪᠤᠯᠭᠠᠬᠤ ᠶᠤᠮ ᠪᠤᠯ ᠦᠯᠦ | ᠬᠠᠯᠳᠠᠭᠠᠬᠤ ᠴᠢᠳᠠᠪᠤᠷᠢ ᠮᠦᠨ ᠮᠠᠭᠤᠳᠠᠨ᠎ᠠ᠃ | ᠠᠳᠡᠭᠦᠷᠡᠯ 2᠄ ᠤᠭᠤᠷᠠᠭ ᠤᠨ ᠳᠠᠯᠬ᠎ᠠ ᠢᠳᠡᠪᠡᠯ ᠬᠡᠦᠬᠡᠳ ᠤᠨ ᠪᠡᠶ᠎ᠡ ᠦᠰᠴᠤ ᠤᠢ ᠪᠢᠯᠢᠭ ᠨᠢ | ᠰᠠᠶᠢᠵᠢᠷᠠᠨ᠎ᠠ | ᠦᠨᠡᠨ ᠪᠠᠶᠢᠳᠠᠯ ᠨᠢ᠄ ᠤᠭᠤᠷᠠᠭ ᠤᠨ ᠳᠠᠯᠬ᠎ᠠ ᠬᠡᠳᠦᠷᠡᠪᠡᠯ ᠬᠡᠦᠬᠡᠳ ᠤᠨ ᠪᠦᠭᠡᠷ᠎ᠡ ᠪᠠ ᠡᠯᠢᠭᠡᠨ ᠤ | ᠳᠠᠷᠤᠭᠠᠰᠤ ᠶᠢ ᠬᠦᠨᠳᠦᠷᠡᠭᠦᠯᠵᠦ ᠮᠡᠳᠡᠨ᠎ᠠ᠃ ᠳᠡᠶᠢᠮᠦ ᠠᠴᠠ ᠬᠡᠦᠬᠡᠳ ᠵᠠᠯᠠᠭᠤᠴᠤᠳ ᠬᠡᠷᠪᠡ ᠬᠡᠪ ᠤᠨ ᠪᠠᠶᠢᠳᠠᠯ ᠢᠶᠠᠷ | ᠬᠤᠭᠤᠯᠠᠯᠠᠵᠤ ᠪᠤᠯᠳᠠᠭ ᠶᠤᠮ ᠪᠤᠯ ᠡᠩ ᠤᠨ ᠪᠠᠶᠢᠳᠠᠯ ᠢᠶᠠᠷ ᠢᠶᠠᠨ ᠬᠤᠭᠤᠯᠠᠯᠠᠬᠤ ᠶᠢ ᠰᠠᠨᠠᠭᠤᠯᠵᠤ᠂ ᠤᠭᠤᠷᠠᠭ ᠤᠨ | ᠳᠠᠯᠬ᠎ᠠ ᠪᠠᠷ ᠨᠦᠬᠦᠬᠦ ᠭᠡᠷᠡᠭ ᠦᠭᠡᠢ ᠭᠡᠰᠡᠨ ᠵᠦᠪᠯᠡᠯᠭᠡ ᠦᠭᠴᠦ ᠪᠠᠶᠢᠨ᠎ᠠ᠃ | ᠠᠳᠡᠭᠦᠷᠡᠯ 3᠄ ᠤᠭᠤᠷᠠᠭ ᠤᠨ ᠳᠠᠯᠬ᠎ᠠ ᠢᠳᠡᠪᠡᠯ ᠬᠡᠪᠡᠯᠢ ᠳᠠᠬᠢ ᠬᠡᠦᠬᠡᠳ ᠤᠨ ᠪᠤᠶᠢᠵᠢᠯᠳᠠ ᠶᠢ | ᠳᠦᠷᠭᠡᠳᠭᠡᠳᠡᠭ | ᠦᠨᠡᠨ ᠪᠠᠶᠢᠳᠠᠯ ᠨᠢ᠄ ᠬᠡᠪᠡᠯᠢ ᠳᠠᠬᠢ ᠬᠡᠦᠬᠡᠳ ᠤᠨ ᠬᠡᠪ ᠤᠨ ᠪᠤᠶᠢᠵᠢᠯᠳᠠ ᠨᠢ ᠵᠦᠪᠬᠡᠨ ᠤᠭᠤᠷᠠᠭ ᠢ | ᠳᠦᠰᠢᠭᠯᠡᠳᠡᠭ ᠳᠡᠳᠦᠢ ᠪᠢᠰᠢ᠂ ᠪᠠᠰᠠ ᠵᠤᠬᠢᠬᠤ ᠬᠡᠮᠵᠢᠶᠡᠨ ᠤ ᠨᠡᠭᠦᠷᠡᠰᠦ ᠤᠰᠤᠨ ᠤ ᠨᠢᠭᠡᠳᠪᠦᠷᠢ᠂ ᠦᠭᠡᠭᠦᠨ | ᠬᠦᠴᠢᠯ᠂ ᠸᠢᠲ᠋ᠠᠮᠢᠨ ᠪᠠ ᠪᠢᠴᠢᠯ ᠡᠯᠧᠮᠧᠨ᠋ᠲ ᠭᠡᠷᠡᠭᠰᠡᠳᠡᠭ᠃ ᠤᠭᠤᠷᠠᠭ ᠤᠨ ᠳᠠᠯᠬ᠎ᠠ ᠶᠢ ᠭᠡᠳᠦᠷᠡᠳᠡᠯ᠎ᠠ ᠢᠳᠡᠪᠡᠯ | ᠵᠢᠷᠮᠦᠰᠦᠨ ᠪᠦᠰᠡᠭᠦᠢ ᠶᠢᠨ ᠳᠤᠳᠤᠷ ᠴᠤᠯᠤ ᠶᠢᠨ ᠳᠠᠷᠤᠭᠠᠰᠤ ᠶᠢ ᠬᠦᠨᠳᠦᠷᠡᠭᠦᠯᠦᠨ᠎ᠠ᠃ | ᠠᠳᠡᠭᠦᠷᠡᠯ 4᠄ ᠤᠭᠤᠷᠠᠭ ᠤᠨ ᠳᠠᠯᠬ᠎ᠠ ᠢᠳᠡᠵᠦ ᠮᠠᠷᠢᠶ᠎ᠠ ᠰᠢᠭᠤᠷᠠᠭᠤᠯᠵᠤ ᠪᠤᠯᠤᠨ᠎ᠠ | ᠦᠨᠡᠨ ᠪᠠᠶᠢᠳᠠᠯ ᠨᠢ᠄ ᠵᠦᠪᠬᠡᠨ ᠤᠭᠤᠷᠠᠭ ᠤᠨ ᠳᠠᠯᠬ᠎ᠠ ᠮᠡᠳᠦ ᠶᠢᠨ ᠤᠭᠤᠷᠠᠭᠳᠤ ᠢᠳᠡᠭᠡᠨ ᠢᠳᠡᠭᠡᠳ | ᠦᠭᠡᠬᠦ ᠪᠠ ᠰᠢᠬᠢᠷ ᠤᠨ ᠵᠦᠢᠯ ᠢ ᠢᠳᠡᠬᠦ ᠦᠭᠡᠢ ᠪᠤᠯ ᠤᠭᠤᠷᠠᠭ ᠭᠡᠳᠦᠷᠡᠵᠦ᠂ ᠪᠡᠶ᠎ᠡ ᠳᠤ ᠭᠡᠷᠡᠭᠴᠡᠭᠡ ᠪᠦᠬᠦᠢ | ᠦᠭᠡᠭᠦᠨ ᠬᠦᠴᠢᠯ᠂ ᠸᠢᠲ᠋ᠠᠮᠢᠨ᠂ ᠢᠳᠡᠭᠡᠨ ᠤ ᠰᠢᠷᠭᠡᠭᠯᠢᠭ ᠳᠤᠳᠠᠬᠳᠠᠭᠠᠳ ᠴᠢᠰᠦ ᠳᠤᠳᠠᠬᠤ ᠡᠪᠡᠳᠴᠢᠨ ᠪᠠ ᠰᠢᠮ᠎ᠡ | ᠳᠡᠵᠢᠭᠡᠯ ᠳᠤᠳᠠᠭᠳᠠᠬᠤ ᠪᠠᠶᠢᠳᠠᠯ ᠭᠠᠷᠤᠨ᠎ᠠ᠃ | ᠨᠠᠶᠢᠷᠠᠭᠤᠯᠤᠭᠴᠢ᠄ ᠰᠠᠴᠣᠷᠠ |