︽ᠤᠨᠴᠠᠭᠠᠢ ᠬᠦᠮᠦᠰ︾ ᠲᠤ ᠦᠭᠬᠦ ᠤᠨᠴᠠᠭᠠᠢ ᠰᠠᠨᠠᠭᠤᠯᠭ᠎ᠠ
ᠨᠡᠶᠢᠲᠡᠯᠡᠭᠰᠡᠨ ᠴᠠᠭ᠄
2018-08-01
     ᠤᠭᠤᠷᠠᠭ ᠨᠦᠬᠦᠬᠦ ᠳᠤ ᠬᠦᠮᠦᠨ ᠪᠤᠯᠭᠠᠨ ᠦᠪᠡᠷ ᠤᠨ ᠭᠡᠰᠡᠨ ᠠᠷᠭ᠎ᠠ ᠲᠠᠢ ᠪᠠᠶᠢᠬᠤ ᠶᠤᠰᠤᠳᠠᠢ᠂ ᠭᠡᠬᠦ ᠳᠡᠭᠡᠨ ᠳᠡᠷᠡ ᠨᠢ ᠠᠮᠢᠳᠤᠷᠠᠯ ᠤᠨ ᠳᠠᠳᠬᠠᠯ ᠤᠨ ᠳᠠᠭᠠᠤ ᠳᠤ ᠠᠶᠠᠨᠳᠠᠭᠠᠨ ᠪᠦᠷᠢᠯᠳᠦᠳᠡᠭ ᠪᠠ ᠬᠦᠮᠦᠨ ᠤ ᠪᠡᠶ᠎ᠡ ᠶᠢᠨ ᠪᠡᠶᠡᠴᠢ ᠴᠢᠳᠠᠮᠠᠭᠠᠢ ᠴᠢᠨᠠᠷ ᠲᠤ ᠳᠦᠰᠢᠭᠯᠡᠨ ᠵᠤᠬᠢᠴᠠᠭᠤᠯᠬᠤ ᠳᠠᠯ᠎ᠠ ᠴᠤ ᠪᠠᠶᠢᠳᠠᠭ ᠭᠡᠯᠳᠡᠢ᠃ ᠬᠠᠷᠢᠨ ᠤᠨᠴᠠᠭᠠᠢ ᠵᠠᠷᠢᠮ ᠬᠦᠮᠦᠰ ᠤᠭᠤᠷᠠᠭ ᠨᠦᠬᠦᠬᠦ ᠶᠢ ᠠᠩᠬᠠᠷᠬᠤ ᠭᠡᠷᠡᠭᠳᠡᠢ᠂ ︽ᠬᠡᠮᠵᠢᠶ᠎ᠠ︾ ᠶᠢ ᠨᠢ ᠪᠠᠷᠢᠵᠤ ᠴᠢᠳᠠᠬᠤ ᠭᠡᠷᠡᠭᠳᠡᠢ ᠪᠠᠶᠢᠳᠠᠭ      ᠪᠦᠭᠡᠷ᠎ᠡ ᠮᠠᠭᠤ ᠬᠦᠮᠦᠨ      ᠤᠭᠤᠷᠠᠭ ᠰᠢᠩᠭᠡᠭᠡᠨ ᠠᠪᠬᠤ ᠶᠢ ᠬᠢᠵᠠᠭᠠᠷᠯᠠᠨ᠎ᠠ    ᠦᠨᠳᠦᠷ ᠤᠭᠤᠷᠠᠭᠳᠤ ᠢᠳᠡᠭᠡᠨ ᠨᠢ ᠪᠦᠭᠡᠷ᠎ᠡ ᠶᠢᠨ ᠳᠠᠮᠢᠷ ᠢ ᠤᠯᠠᠮ ᠳᠤᠷᠦ᠋ᠢᠳᠠᠭᠤᠯᠤᠨ᠎ᠠ᠂ ᠤᠭᠤᠷᠠᠭ ᠳᠤᠳᠠᠪᠠᠯ ᠰᠢᠮ᠎ᠡ ᠳᠡᠵᠢᠭᠡᠯ ᠳᠤᠳᠠᠭᠳᠠᠵᠤ ᠪᠡᠶ᠎ᠡ ᠤᠯᠠᠮ ᠮᠠᠭᠤᠳᠠᠨ᠎ᠠ᠃      ᠪᠦᠭᠡᠷ᠎ᠡ ᠶᠢᠨ ᠴᠢᠳᠠᠪᠬᠢ ᠨᠢ ᠬᠡᠪ ᠤᠨ ᠪᠦᠭᠡᠷ᠎ᠡ ᠶᠢᠨ ᠡᠪᠡᠳᠴᠢᠨ ᠲᠠᠢ ᠬᠦᠮᠦᠨ ᠡᠩ ᠤᠨ ᠤᠭᠤᠷᠠᠭ ᠲᠠᠢ ᠢᠳᠡᠭᠡᠨ ︵ᠺᠢᠯᠦᠭᠷᠡᠮ ᠪᠦᠷᠢ ᠶᠢᠨ ᠪᠡᠶ᠎ᠡ ᠶᠢᠨ ᠬᠦᠨᠳᠦ ᠳᠤ 1 ᠭᠷᠡᠮ︶ ᠢᠶᠠᠷ ᠬᠤᠭᠤᠯᠠᠯᠠᠪᠠᠯ ᠵᠤᠬᠢᠨ᠎ᠠ᠂ ᠠᠮᠢᠳᠠᠨ ᠤ ᠤᠭᠤᠷᠠᠭ 50% ᠠᠴᠠ ᠢᠯᠡᠭᠦᠦ ᠬᠤᠪᠢ ᠶᠢ ᠡᠵᠡᠯᠡᠵᠦ᠂ ᠤᠷᠭᠤᠮᠠᠯ ᠤᠨ ᠤᠭᠤᠷᠠᠭ ︵ᠪᠤᠷᠴᠠᠭ ᠤᠨ ᠵᠦᠢᠯ ᠵᠡᠷᠭᠡ︶ ᠢ ᠵᠤᠬᠢᠬᠤ ᠬᠡᠮᠵᠢᠶ᠎ᠠ ᠪᠠᠷ ᠢᠳᠡᠨ᠎ᠠ᠃ ᠪᠦᠭᠡᠷ᠎ᠡ ᠶᠢᠨ ᠴᠢᠳᠠᠪᠬᠢ ᠨᠢ ᠪᠦᠷᠢᠨ ᠪᠤᠰᠤ ᠡᠪᠡᠳᠴᠢᠳᠠᠨ ᠡᠳᠦᠷ ᠪᠤᠯᠭᠠᠨ ᠤ ᠤᠭᠤᠷᠠᠭ ᠤᠨ ᠬᠡᠮᠵᠢᠶ᠎ᠠ ᠪᠠᠨ 1 ᠺᠢᠯᠦᠭᠷᠡᠮ ᠪᠡᠶ᠎ᠡ ᠶᠢᠨ ᠬᠦᠨᠳᠦ ᠳᠤ 0. 6 — 0.8 ᠭᠷᠡᠮ ᠤᠨ ᠬᠡᠮᠵᠢᠶᠡᠨ ᠳᠤ ᠬᠢᠵᠠᠭᠠᠷᠯᠠᠵᠤ᠂ ᠠᠮᠢᠳᠠᠨ ᠤ ᠤᠭᠤᠷᠠᠭ ᠢᠶᠠᠷ ᠭᠤᠤᠯ ᠪᠤᠯᠭᠠᠨ᠂ ᠤᠷᠭᠤᠮᠠᠯ ᠤᠨ ᠤᠭᠤᠷᠠᠭ ᠢ ᠬᠤᠷᠢᠨ᠎ᠠ᠃ ᠰᠢᠮ᠎ᠡ ᠳᠡᠵᠢᠭᠡᠯ ᠤᠨ ᠵᠢᠭᠠᠯᠳᠠ ᠳᠤᠭ᠎ᠠ ︵ᠴᠢᠰᠦᠨ ᠤ ᠴᠠᠶᠢᠪᠠᠩ ᠤᠨ ᠤᠭᠤᠷᠠᠭ ᠮᠡᠳᠦ︶ ᠶᠢᠨ ᠪᠠᠶᠢᠴᠠᠭᠠᠯᠳᠠ ᠶᠢ ᠠᠩᠬᠠᠷᠴᠤ ᠪᠠᠶᠢᠬᠤ ᠭᠡᠷᠡᠭᠳᠡᠢ᠃      ᠰᠢᠬᠢᠷ ᠰᠢᠵᠢᠩ ᠡᠪᠡᠳᠴᠢᠳᠠᠨ      ᠵᠤᠬᠢᠬᠤ ᠬᠡᠮᠵᠢᠶ᠎ᠡ ᠪᠠᠷ ᠤᠭᠤᠷᠠᠭ ᠨᠦᠬᠦᠨ᠎ᠠ      ᠰᠢᠬᠢᠷ ᠰᠢᠵᠢᠩ ᠡᠪᠡᠳᠴᠢᠨ ᠳᠤ ᠠᠪᠴᠤ ᠬᠡᠯᠡᠪᠡᠯ ᠤᠭᠤᠷᠠᠭ ᠡᠯᠪᠡᠭ ᠢᠳᠡᠭᠡᠨ ᠢᠯᠡᠭᠦᠦ ᠢᠳᠡᠪᠡᠯ ᠵᠤᠬᠢᠨ᠎ᠠ᠂ ᠭᠡᠪᠡᠴᠦ ᠪᠠᠰᠠ ᠬᠡᠮᠵᠢᠶ᠎ᠠ ᠪᠠᠨ ᠪᠠᠷᠢᠬᠤ ᠪᠠᠶᠢᠬᠤ ᠭᠡᠷᠡᠭᠳᠡᠢ᠃      ᠰᠢᠬᠢᠷ ᠰᠢᠵᠢᠩ ᠡᠪᠡᠳᠴᠢᠨ ᠤ ᠢᠳᠡᠭᠡᠨ ᠤᠮᠳᠠᠭᠠᠨ ᠤ ᠪᠠᠷᠢᠮᠵᠢᠶ᠎ᠠ ᠳᠤ᠂ ᠤᠭᠤᠷᠠᠭ ᠤᠨ ᠬᠡᠮᠵᠢᠶ᠎ᠠ ᠨᠢ ᠶᠡᠷᠦᠩᠬᠡᠢ ᠶᠢᠨ ᠢᠯᠴᠢ ᠶᠢᠨ ᠬᠡᠮᠵᠢᠶᠡᠨ ᠤ 12% — 20% ᠶᠢ ᠡᠵᠡᠯᠡᠵᠦ᠂ ᠡᠭᠦᠨ ᠤ 2/3 ᠨᠢ ᠪᠤᠷᠴᠠᠭ ᠤᠨ ᠵᠦᠢᠯ᠂ ᠪᠤᠷᠴᠠᠭ ᠤᠨ ᠪᠦᠲᠦᠭᠡᠭᠳᠡᠭᠦᠨ ᠪᠠ ᠪᠦᠳᠦᠭᠦᠯᠢᠭ ᠠᠮᠤ ᠠᠴᠠ ᠢᠷᠡᠬᠦ ᠭᠡᠷᠡᠭᠳᠡᠢ᠂ ᠪᠤᠰᠤᠳ 1/3 ᠨᠢ ᠰᠠᠶᠢᠨ ᠴᠢᠨᠠᠷ ᠤᠨ ᠤᠭᠤᠷᠠᠭ ᠪᠠᠶᠢᠬᠤ ᠶᠤᠰᠤᠳᠠᠢ᠂ ᠨᠠᠰᠤᠨ ᠳᠤ ᠬᠦᠷᠦᠭᠰᠡᠨ ᠡᠪᠡᠳᠴᠢᠳᠠᠨ ᠡᠳᠦᠷ ᠪᠤᠯᠭᠠᠨ ᠺᠢᠯᠦᠭᠷᠡᠮ ᠪᠡᠶ᠎ᠡ ᠶᠢᠨ ᠬᠦᠨᠳᠦ ᠳᠤᠰᠤᠮ ᠳᠤ 0.8 — 1.2 ᠭᠷᠡᠮ ᠤᠨ ᠪᠠᠷᠢᠮᠵᠢᠶ᠎ᠠ ᠪᠠᠷ ᠢᠳᠡᠪᠡᠯ ᠵᠤᠬᠢᠨ᠎ᠠ ᠭᠡᠰᠡᠨ ᠪᠠᠶᠢᠨ᠎ᠠ᠃ ᠪᠡᠶ᠎ᠡ ᠶᠢᠨ ᠬᠦᠨᠳᠦ ᠨᠢ 60 ᠺᠢᠯᠦᠭᠷᠡᠮ ᠤᠨ ᠨᠠᠰᠤᠨ ᠳᠤ ᠬᠦᠷᠦᠭᠰᠡᠨ ᠰᠢᠬᠢᠷ ᠰᠢᠵᠢᠩ ᠡᠪᠡᠳᠴᠢᠳᠠᠨ ᠡᠳᠦᠷ ᠲᠤ 60 ᠭᠷᠡᠮ ᠤᠷᠴᠢᠮ ᠤᠨ ᠵᠢᠭᠠᠰᠤ᠂ ᠬᠠᠷ᠎ᠠ ᠮᠢᠬ᠎ᠠ ᠪᠤᠶᠤ ᠦᠨᠳᠡᠭᠡ ᠵᠡᠷᠭᠡ ᠶᠢᠨ ᠢᠳᠡᠭᠡᠨ ᠢᠳᠡᠵᠦ ᠪᠤᠯᠤᠨ᠎ᠠ ᠭᠡᠰᠡᠨ ᠦᠭᠡ᠃      ᠳᠤᠷᠠᠩᠬᠠᠢ ᠨᠠᠰᠤᠳᠠᠶᠢᠴᠤᠳ      ᠤᠭᠤᠷᠠᠭ ᠢᠯᠡᠭᠦᠦ ᠨᠦᠬᠦᠬᠦ ᠭᠡᠷᠡᠭᠳᠡᠢ      ᠨᠠᠰᠤᠳᠠᠶᠢᠴᠤᠳ ᠤᠨ ᠤᠭᠤᠷᠠᠭ ᠤᠨ ᠱᠠᠭᠠᠷᠳᠠᠯᠭ᠎ᠠ ᠨᠢ ᠵᠠᠯᠠᠭᠤᠴᠤᠳ ᠠᠴᠠ ᠢᠯᠡᠭᠦᠦ ᠪᠠᠶᠢᠳᠠᠭ᠂ ᠪᠦᠭᠡᠷ᠎ᠡ ᠶᠢᠨ ᠴᠢᠳᠠᠪᠬᠢ ᠨᠢ ᠳᠠᠭᠠᠭᠠᠵᠤ ᠳᠡᠶᠢᠯᠳᠡᠭ ᠯᠡ ᠶᠤᠮ ᠪᠤᠯ᠂ ᠨᠠᠰᠤᠳᠠᠶᠢᠴᠤᠳ ᠡᠳᠦᠷ ᠪᠤᠯᠭᠠᠨ ᠺᠢᠯᠦᠭᠷᠡᠮ ᠪᠡᠶ᠎ᠡ ᠶᠢᠨ ᠬᠦᠨᠳᠦ ᠳᠤᠰᠤᠮ ᠳᠤ 1.2 — 1.3 ᠭᠷᠡᠮ ᠤᠨ ᠬᠡᠮᠵᠢᠶ᠎ᠠ ᠪᠠᠷ ᠤᠭᠤᠷᠠᠭ ᠨᠦᠬᠦᠬᠦ ᠶᠢ ᠰᠠᠨᠠᠭᠤᠯᠵᠤ ᠪᠠᠶᠢᠨ᠎ᠠ᠃ ᠡᠷᠡᠨ ᠪᠤᠯᠭᠠᠨ ᠤ ᠬᠤᠭᠤᠯᠠᠨ ᠳᠠᠭᠠᠨ 25 — 30 ᠭᠷᠡᠮ ᠤᠭᠤᠷᠠᠭ ᠰᠢᠩᠭᠡᠭᠡᠨ ᠠᠪᠤᠪᠠᠯ᠂ ᠪᠤᠯᠴᠢᠩ ᠤᠨ ᠤᠭᠤᠷᠠᠭ ᠤᠨ ᠨᠡᠶᠢᠯᠡᠭᠵᠢᠯ ᠢ ᠬᠠᠮᠤᠭ ᠤᠨ ᠶᠡᠭᠡ ᠬᠡᠮᠵᠢᠶ᠎ᠠ ᠪᠠᠷ ᠳᠡᠭᠡᠭᠰᠢᠯᠡᠭᠦᠯᠵᠦ ᠪᠤᠯᠤᠨ᠎ᠠ᠃ ᠠᠮᠢᠳᠠᠨ ᠤ ᠭᠠᠷᠤᠯᠳᠠᠢ ᠢᠳᠡᠭᠡᠨ ᠤ ᠤᠭᠤᠷᠠᠭ ᠨᠢ ᠤᠭᠤᠷᠠᠭ ᠤᠨ ᠶᠡᠷᠦᠩᠬᠡᠢ ᠬᠡᠮᠵᠢᠶᠡᠨ ᠤ 30% — 50% ᠶᠢ ᠡᠵᠡᠯᠡᠪᠡᠯ ᠵᠤᠬᠢᠨ᠎ᠠ᠃ ᠰᠦ᠂ ᠦᠨᠳᠡᠭᠡ᠂ ᠬᠠᠷ᠎ᠠ ᠮᠢᠬ᠎ᠠ᠂ ᠵᠢᠭᠦᠷᠳᠡᠨ ᠤ ᠮᠢᠬ᠎ᠠ᠂ ᠵᠢᠭᠠᠰᠤ ᠰᠠᠮ ᠪᠠ ᠰᠢᠷ᠎ᠡ ᠪᠤᠷᠴᠠᠭ ᠤᠨ ᠢᠳᠡᠭᠡᠨ ᠢᠯᠡᠭᠦᠦ ᠢᠳᠡᠪᠡᠯ ᠵᠤᠬᠢᠨ᠎ᠠ᠃                                                    ᠨᠠᠶᠢᠷᠠᠭᠤᠯᠤᠭᠴᠢ᠄ ᠰᠠᠴᠣᠷᠠ
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3