ᠤᠭᠤᠷᠠᠭ ᠢ ᠰᠢᠨᠵᠢᠯᠡᠬᠦ ᠤᠬᠠᠭᠠᠨᠴᠢ ᠪᠠᠷ ᠢᠳᠡᠭᠦ ᠵᠦᠭᠯᠡᠭᠦᠷ
ᠨᠡᠶᠢᠲᠡᠯᠡᠭᠰᠡᠨ ᠴᠠᠭ᠄
2018-08-01
     ᠠᠮᠢ ᠶᠢᠨ ᠬᠦᠳᠡᠯᠭᠡᠭᠡᠨ ᠤ ᠬᠠᠮᠤᠭ ᠤᠨ ᠴᠢᠬᠤᠯᠠ ᠰᠢᠮ᠎ᠠ ᠳᠡᠵᠢᠭᠡᠯ ᠤᠨ ᠨᠢᠭᠡ ᠪᠤᠯᠤᠭᠰᠠᠨ ᠤ ᠬᠤᠪᠢ ᠳᠤ᠂ ᠤᠭᠤᠷᠠᠭ ᠬᠦᠮᠦᠨ ᠤ ᠪᠡᠶ᠎ᠡ ᠶᠢᠨ ᠡᠷᠭᠡᠳᠡᠨ᠂ ᠨᠡᠭᠡᠳᠡᠰᠦ᠂ ᠴᠤᠯᠤ ᠰᠠᠪᠠ ᠶᠢᠨ ᠪᠦᠷᠢᠯᠳᠦᠬᠦ ᠳᠤ ᠤᠷᠤᠯᠴᠠᠵᠤ᠂ ᠪᠡᠶ᠎ᠡ ᠮᠠᠬᠠᠪᠤᠳ ᠲᠤ ᠬᠦᠳᠡᠯᠭᠡᠬᠦ ᠬᠦᠴᠦᠨ ᠬᠠᠩᠭᠠᠵᠤ ᠬᠡᠪ ᠤᠨ ᠠᠵᠢᠯᠯᠠᠭ᠎ᠠ ᠶᠢ ᠨᠢ ᠪᠠᠳᠤᠯᠠᠳᠠᠭ᠃ ᠰᠢᠨᠵᠢᠯᠡᠬᠦ ᠤᠬᠠᠭᠠᠨᠴᠢ ᠪᠠᠷ ᠢᠳᠡᠵᠦ ᠤᠤᠭᠤᠬᠤ ᠪᠤᠯ ᠠᠮᠢ ᠨᠠᠰᠤ ᠶᠢ ᠬᠦᠨᠳᠦᠳᠭᠡᠵᠦ ᠪᠠᠶᠢᠭ᠎ᠠ ᠶᠠᠪᠤᠳᠠᠯ ᠮᠦᠨ᠃ ᠤᠭᠤᠷᠠᠭ ᠮᠡᠳᠦ ᠶᠢᠨ ᠰᠢᠮ᠎ᠡ ᠳᠡᠵᠢᠭᠡᠯ ᠤᠨ ᠪᠤᠳᠠᠰ ᠢ ᠵᠦᠪ ᠢᠳᠡᠵᠦ ᠴᠢᠳᠠᠬᠤ ᠦᠭᠡᠢ ᠪᠤᠯ ᠨᠠᠭᠠᠳᠤ ᠵᠠᠬ᠎ᠠ ᠨᠢ ᠬᠠᠶᠢᠷᠠᠨ ᠶᠠᠭᠤᠮ᠎ᠠ ᠶᠢ ᠪᠦᠷᠢᠯᠭᠡᠨ᠎ᠠ᠂ ᠴᠢᠨᠠᠬᠰᠢᠯᠠᠪᠠᠯ ᠡᠷᠡᠭᠦᠯ ᠮᠡᠨᠳᠦ ᠪᠠᠨ ᠬᠤᠬᠢᠷᠠᠭᠤᠯᠤᠨ᠎ᠠ᠃      ▲ ᠰᠠᠶᠢᠨ ᠴᠢᠨᠠᠷ ᠤᠨ ᠤᠭᠤᠷᠠᠭ ᠭᠡᠵᠦ ᠶᠠᠭᠤ ᠪᠤᠢ︖      ᠰᠢᠮ᠎ᠠ ᠳᠡᠵᠢᠭᠡᠯ ᠪᠠ ᠡᠷᠡᠭᠦᠯ ᠮᠡᠨᠳᠦ ᠶᠢᠨ ᠡᠭᠡᠨᠡᠭᠰᠢᠯ ᠭᠡᠵᠦ ᠶᠠᠷᠢᠬᠤ ᠳᠤ ᠬᠠᠮᠤᠭ ᠤᠨ ᠳᠡᠷᠢᠭᠦᠨ ᠳᠤ ᠳᠤᠷᠠᠳᠤᠭᠳᠠᠬᠤ ᠶᠤᠰᠤᠳᠠᠢ ᠨᠢ ᠤᠭᠤᠷᠠᠭ ᠪᠠᠶᠢᠭ᠎ᠠ ᠶᠤᠮ᠃ ᠤᠭᠤᠷᠠᠭ ᠲᠤ ᠬᠦᠮᠦᠨ ᠤ ᠪᠡᠶ᠎ᠡ ᠶᠢᠨ ᠨᠡᠭᠡᠳᠡᠰᠦ ᠶᠢ ᠪᠦᠷᠢᠯᠳᠦᠬᠦᠯᠬᠦ ᠪᠠ ᠰᠡᠯᠪᠢᠬᠦ᠂ ᠹᠢᠽᠢᠤᠯᠤᠬᠢ ᠶᠢᠨ ᠴᠢᠳᠠᠪᠬᠢ ᠶᠢ ᠵᠤᠬᠢᠴᠠᠭᠤᠯᠬᠤ᠂ ᠪᠡᠶ᠎ᠡ ᠮᠠᠬᠠᠪᠤᠳ ᠲᠤ ᠡᠨᠧᠷᠭᠢ ᠬᠠᠩᠭᠠᠬᠤ ᠵᠡᠷᠭᠡ ᠴᠢᠬᠤᠯᠠ ᠦᠢᠯᠡᠳᠦᠯ ᠲᠠᠢ᠃      ᠢᠳᠡᠭᠡᠨ ᠤ ᠵᠦᠢᠯ ᠳᠤ ᠠᠭᠤᠯᠤᠭᠳᠠᠬᠤ ᠤᠭᠤᠷᠠᠭ ᠢ ᠡᠩ ᠤᠨ ᠪᠠᠶᠢᠳᠠᠯ ᠳᠤ ᠠᠮᠢᠳᠠᠨ ᠤ ᠤᠭᠤᠷᠠᠭ ᠪᠠ ᠤᠷᠭᠤᠮᠠᠯ ᠤᠨ ᠤᠭᠤᠷᠠᠭ ᠭᠡᠵᠦ ᠬᠤᠪᠢᠶᠠᠳᠠᠭ᠃ ᠠᠮᠢᠳᠠᠨ ᠤ ᠤᠭᠤᠷᠠᠭ ᠢ ᠭᠤᠤᠯᠳᠠᠭᠤ ᠮᠢᠬᠠᠨ ᠤ ᠵᠦᠢᠯ᠂ ᠵᠢᠭᠦᠷᠳᠡᠨ ᠤ ᠦᠨᠳᠡᠭᠡ ᠪᠠ ᠤᠰᠤᠨ ᠭᠠᠷᠤᠯᠳᠠ ᠠᠴᠠ ᠢᠷᠡᠳᠡᠭ︔ ᠤᠷᠭᠤᠮᠠᠯ ᠤᠨ ᠤᠭᠤᠷᠠᠭ ᠨᠢ ᠭᠤᠤᠯᠳᠠᠭᠤ ᠰᠢᠷ᠎ᠠ ᠪᠤᠷᠴᠠᠭ ᠪᠠ ᠰᠠᠮᠤᠷ ᠠᠴᠠ ᠢᠷᠡᠳᠡᠭ᠃      ᠬᠦᠮᠦᠨ ᠤ ᠪᠡᠶ᠎ᠡ ᠳᠤ ᠠᠰᠢᠬᠯᠠᠭᠳᠠᠵᠤ ᠳᠡᠶᠢᠯᠳᠡᠭ ᠠᠮᠢᠨᠣ᠋ ᠬᠦᠴᠢᠯ ᠢᠶᠠᠷ ᠡᠯᠪᠡᠭ᠂ ᠬᠦᠮᠦᠨ ᠤ ᠪᠡᠶ᠎ᠡ ᠶᠢᠨ ᠭᠡᠷᠡᠭᠴᠡᠭᠡ ᠶᠢ ᠬᠠᠩᠭᠠᠵᠤ ᠳᠡᠶᠢᠯᠳᠡᠭ ᠤᠭᠤᠷᠠᠭ ᠢ ᠰᠠᠶᠢᠨ ᠴᠢᠨᠠᠷ ᠤᠨ ᠤᠭᠤᠷᠠᠭ ᠭᠡᠳᠡᠭ᠃ ᠢᠳᠡᠭᠡᠨ ᠤᠮᠳᠠᠭᠠᠨ ᠰᠤᠳᠤᠯᠤᠭᠴᠢᠳ ︽ᠠᠮᠢᠨᠣ᠋ ᠬᠦᠴᠢᠯ ᠤᠨ ᠰᠢᠩᠭᠡᠭᠡᠯᠳᠡ ᠶᠢᠨ ᠬᠤᠪᠢ︾ ᠭᠡᠳᠡᠭ ᠵᠢᠭᠠᠯᠳᠠ ᠳᠤᠭ᠎ᠠ ᠭᠠᠷᠭᠠᠵᠤ᠂ ᠳᠦᠭᠦᠮᠴᠢᠯᠡᠭᠡᠳ PDCAAS ᠭᠡᠮᠵᠢᠭᠳᠡᠯ ᠭᠡᠳᠡᠭ᠃ ᠡᠩ ᠤᠨ ᠢᠳᠡᠭᠡᠨ ᠤ PDCAAS ᠭᠡᠮᠵᠢᠭᠳᠡᠯ ᠨᠢ ᠳᠤᠤᠷᠠᠬᠢ ᠮᠡᠳᠦ ᠪᠠᠶᠢᠳᠠᠭ᠃      ᠤᠭᠤᠷᠠᠭᠳᠤ ᠢᠳᠡᠭᠡᠨ ᠤ PDCAAS ᠭᠡᠮᠵᠢᠭᠳᠡᠯ ᠤᠨ ᠬᠠᠷᠢᠴᠠᠭᠤᠯᠤᠭᠰᠠᠨ ᠬᠦᠰᠦᠨᠦᠭᠳᠦ
     
     * PDCAAS ᠭᠡᠮᠵᠢᠭᠳᠡᠯ ᠨᠢ 1 ᠬᠤᠪᠢ ᠳᠤ ᠤᠢᠢᠷᠠᠳᠤᠬᠤ ᠳᠤᠳᠤᠮ ᠤᠭᠤᠷᠠᠭ ᠤᠨ ᠴᠢᠨᠠᠷ ᠤᠯᠠᠮ ᠰᠠᠶᠢᠨ ᠪᠤᠯᠤᠨ᠎ᠠ᠃      ᠳᠠᠬᠢᠶᠠᠨ ᠦᠨᠳᠡᠭᠡ᠂ ᠦᠨᠢᠶᠡᠨ ᠰᠦ᠂ ᠰᠢᠷ᠎ᠠ ᠪᠤᠷᠴᠠᠭ ᠤᠨ ᠤᠭᠤᠷᠠᠭ ᠤᠨ PDCAAS ᠭᠡᠮᠵᠢᠭᠳᠡᠯ ᠨᠢ 1 ᠬᠤᠪᠢ᠂ ᠳᠡᠶᠢᠮᠦ ᠪᠤᠯᠬᠤᠷ ᠢᠶᠠᠨ ︽ᠰᠠᠶᠢᠨ ᠴᠢᠨᠠᠷ ᠤᠨ ᠤᠭᠤᠷᠠᠭ︾ ᠪᠤᠶᠤ ︽ᠬᠠᠨᠤᠮᠠᠯ ᠤᠭᠤᠷᠠᠭ︾ ᠭᠡᠭᠳᠡᠳᠡᠭ ᠃ ᠬᠦᠮᠦᠨ ᠤ ᠪᠡᠶ᠎ᠡ ᠶᠢᠨ ᠡᠳᠦᠷ ᠪᠤᠯᠭᠠᠨ ᠤ ᠰᠢᠩᠭᠡᠭᠡᠨ ᠠᠪᠬᠤ ᠶᠤᠰᠤᠳᠠᠢ ᠤᠭᠤᠷᠠᠭ ᠤᠨ ᠬᠡᠮᠵᠢᠶ᠎ᠠ ᠨᠢ ᠪᠦᠬᠦ ᠡᠳᠦᠷ ᠤᠨ ᠢᠳᠡᠭᠰᠡᠨ ᠶᠡᠷᠦᠩᠬᠡᠢ ᠢᠯᠴᠢ ᠶᠢᠨ ᠬᠡᠮᠵᠢᠶᠡᠨ ᠤ 15% — 20% ᠶᠢ ᠡᠵᠡᠯᠡᠬᠦ ᠭᠡᠷᠡᠭᠳᠡᠢ ᠪᠦᠭᠡᠳ ᠡᠭᠦᠨ ᠳᠤ ᠰᠠᠶᠢᠨ ᠴᠢᠨᠠᠷ ᠤᠨ ᠤᠭᠤᠷᠠᠭ ᠨᠢ 1/3 ᠶᠢ ᠡᠵᠡᠯᠡᠭᠰᠡᠨ ᠪᠠᠶᠢᠬᠤ ᠶᠤᠰᠤᠳᠠᠢ᠃      ▲ ᠡᠳᠦᠷ ᠳᠤᠳᠤᠮ ᠤᠨ ᠢᠳᠡᠭᠡᠨ ᠤ ᠤᠭᠤᠷᠠᠭ ᠢ ᠶᠠᠭᠠᠬᠢᠵᠤ ᠳᠡᠩᠴᠡᠭᠦᠯᠬᠦ ᠪᠤᠢ︖      ᠳᠤᠮᠳᠠᠳᠤ ᠤᠯᠤᠰ ᠤᠨ ᠰᠢᠮ᠎ᠠ ᠳᠡᠵᠢᠭᠡᠯ ᠤᠨ ᠰᠤᠳᠤᠯᠭᠠᠨ ᠤ ᠬᠤᠷᠠᠯ ᠤᠨ ᠳᠤᠭᠳᠠᠭᠠᠰᠠᠨ ᠪᠠᠷᠢᠮᠵᠢᠶ᠎ᠠ ᠪᠠᠷ ᠪᠤᠯ᠂ ᠨᠠᠰᠤᠨ ᠳᠤ ᠬᠦᠷᠦᠭᠰᠡᠳ ᠡᠳᠦᠷ ᠪᠤᠯᠭᠠᠨ᠂ ᠪᠡᠶ᠎ᠡ ᠶᠢᠨ ᠬᠦᠨᠳᠦ ᠶᠢᠨ 1 ᠺᠢᠯᠦᠭᠷᠡᠮ ᠪᠦᠷᠢ ᠳᠤ 1.16 ᠭᠷᠡᠮ ᠤᠭᠤᠷᠠᠭ ᠰᠢᠩᠭᠡᠭᠡᠨ ᠠᠪᠬᠤ ᠶᠤᠰᠤᠳᠠᠢ᠃      ᠪᠡᠶ᠎ᠡ ᠶᠢᠨ ᠬᠦᠨᠳᠦ ᠨᠢ 60 ᠺᠢᠯᠦᠭᠷᠡᠮ ᠤᠨ ᠨᠠᠰᠤᠨ ᠳᠤ ᠬᠦᠷᠦᠭᠰᠡᠳ ᠢᠶᠠᠷ ᠵᠢᠱᠢᠶᠡᠯᠡᠪᠡᠯ᠂ ᠡᠳᠦᠷ ᠪᠦᠷᠢ 69.6 ᠭᠷᠡᠮ ᠤᠭᠤᠷᠠᠭ ᠭᠡᠷᠡᠭᠰᠡᠨ᠎ᠠ ᠭᠡᠰᠡᠨ ᠦᠭᠡ᠃      ᠢᠳᠡᠭᠡᠨ ᠤᠮᠳᠠᠭᠠᠨ ᠢᠶᠠᠨ ᠵᠤᠬᠢᠰᠳᠠᠢ ᠳᠤᠬᠢᠷᠠᠭᠤᠯᠵᠤ ᠳᠡᠶᠢᠯᠪᠡᠯ᠂ ᠡᠩ ᠤᠨ ᠪᠠᠶᠢᠳᠠᠯ ᠳᠤ ᠪᠡᠶ᠎ᠡ ᠮᠠᠬᠠᠪᠤᠳ ᠤᠨ ᠭᠡᠷᠡᠭᠰᠡᠬᠦ ᠤᠭᠤᠷᠠᠭ ᠢ ᠬᠠᠩᠭᠠᠵᠤ ᠳᠡᠶᠢᠯᠳᠡᠭ᠃ ᠡᠳᠦᠷ ᠳᠤᠳᠤᠮ ᠤᠨ ᠢᠳᠡᠳᠡᠭ ᠢᠳᠡᠭᠡᠨ ᠳᠠᠬᠢ ᠤᠭᠤᠷᠠᠭ ᠤᠨ ᠠᠭᠤᠯᠤᠭᠳᠠᠴᠠ ᠶᠢᠨ ᠬᠡᠮᠵᠢᠶ᠎ᠠ ᠨᠢ ᠳᠤᠤᠷᠠᠬᠢ ᠮᠡᠳᠦ ᠪᠠᠶᠢᠳᠠᠭ᠄      ᠡᠳᠦᠷ ᠳᠤᠳᠤᠮ ᠤᠨ ᠢᠳᠡᠭᠡᠨ ᠤ ᠤᠭᠤᠷᠠᠭ ᠤᠨ ᠠᠭᠤᠯᠤᠭᠳᠠᠴᠠ ᠶᠢ ᠬᠠᠷᠢᠴᠠᠭᠤᠯᠤᠭᠰᠠᠨ ᠬᠦᠰᠦᠨᠦᠭᠳᠦ
   
     ᠡᠩ ᠤᠨ ᠪᠠᠶᠢᠳᠠᠯ ᠳᠤ᠂ ᠡᠷᠡᠭᠦᠯ ᠨᠠᠰᠤᠨ ᠳᠤ ᠬᠦᠷᠦᠭᠰᠡᠳ ᠡᠳᠦᠷ ᠲᠤ ᠵᠤᠬᠢᠬᠤ ᠬᠡᠮᠵᠢᠶᠡᠨ ᠤ ᠠᠮᠤ ᠪᠤᠳᠠᠭ᠎ᠠ ︵ᠡᠷᠡᠭᠳᠡᠢ 6 ᠯᠠᠩ ᠠᠴᠠ ᠢᠯᠡᠭᠦᠦ᠂ ᠡᠮᠡᠭᠳᠡᠢ 5 ᠯᠠᠩ ᠠᠴᠠ ᠢᠯᠡᠭᠦᠦ︶᠂ 1 ᠦᠨᠳᠡᠭᠡ᠂ 3 ᠯᠠᠩ ᠬᠠᠷ᠎ᠠ ᠮᠢᠬ᠎ᠠ ᠪᠠ 2 — 3 ᠯᠠᠩ ᠪᠤᠷᠴᠠᠭ ᠤᠨ ᠪᠦᠲᠦᠭᠡᠭᠳᠡᠭᠦᠨ ᠢᠳᠡᠭᠡᠳ᠂ 300 — 500 ᠭᠷᠡᠮ ᠦᠨᠢᠶᠡᠨ ᠰᠦ ᠪᠤᠶᠤ ᠠᠳᠠᠯᠢ ᠬᠡᠮᠵᠢᠶᠡᠨ ᠤ ᠡᠭᠡᠳᠡᠭᠰᠡᠨ ᠰᠦ᠂ ᠪᠤᠷᠴᠠᠭ ᠤᠨ ᠵᠤᠳᠠᠩ ᠤᠤᠭᠤᠬᠤ ᠳᠤ ᠬᠦᠷᠪᠡᠯ ᠤᠭᠤᠷᠠᠭ ᠤᠨ ᠭᠡᠷᠡᠭᠴᠡᠭᠡ ᠪᠠᠨ ᠬᠠᠩᠭᠠᠭᠠᠳ ᠳᠡᠶᠢᠯᠴᠢᠬᠡᠨ᠎ᠠ᠃     ᠰᠠᠨᠠᠭᠤᠯᠬᠤ ᠴᠢᠬᠤᠯᠠ ᠲᠠᠢ ᠨᠢ᠂ ᠬᠡᠦᠬᠡᠳ᠂ ᠵᠢᠷᠮᠦᠰᠦᠨ ᠪᠦᠰᠡᠭᠦᠢ᠂ ᠬᠦᠬᠦᠬᠦᠯ ᠡᠬᠡ ᠪᠠ ᠰᠢᠷᠦᠭᠦᠨ ᠬᠦᠳᠡᠯᠭᠡᠭᠡᠨ ᠬᠢᠳᠡᠭ ᠬᠦᠮᠦᠰ ᠤᠨ ᠤᠭᠤᠷᠠᠭ ᠤᠨ ᠱᠠᠭᠠᠷᠳᠠᠯᠭ᠎ᠠ ᠨᠢ ᠡᠩ ᠤᠨ ᠬᠦᠮᠦᠨ ᠠᠴᠠ ᠶᠡᠭᠡ ᠪᠠᠶᠢᠳᠠᠭ ᠪᠤᠯᠬᠤᠷ᠂ ᠡᠳᠦᠷ 1 — 2 ᠦᠨᠳᠡᠭᠡ ᠢᠯᠡᠭᠦᠦ ᠢᠳᠡᠵᠦ ᠪᠤᠯᠤᠨ᠎ᠠ᠃ ᠴᠢᠰᠦᠨ ᠤ ᠦᠭᠡᠬᠦ ᠶᠢᠨ ᠳᠦᠪᠰᠢᠨ ᠨᠢ ᠳᠡᠭᠰᠢ ᠦᠭᠡᠢ ᠪᠤᠶᠤ ᠮᠠᠷᠢᠶ᠎ᠡ ᠲᠠᠢ ᠬᠦᠮᠦᠰ ᠭᠠᠷᠠᠭ ᠲᠤ 2 — 4 ᠦᠨᠳᠡᠭᠡ ᠢᠳᠡᠵᠦ᠂ ᠭᠡᠳᠦᠷᠡᠵᠦ ᠪᠤᠯᠬᠤ ᠦᠭᠡᠢ᠃                                                       ᠨᠠᠶᠢᠷᠠᠭᠤᠯᠤᠭᠴᠢ᠄ ᠰᠠᠴᠣᠷᠠ
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3