ᠠᠮᠲᠠ ᠮᠠᠭᠤᠲᠠᠢ ᠢᠳᠡᠭᠡᠨ ᠤᠮᠳᠠᠭᠠᠨ ᠪᠣᠯ ᠢᠳᠡᠬᠦ ᠦᠭᠡᠢ ᠦᠦ︖
ᠨᠡᠶᠢᠲᠡᠯᠡᠭᠰᠡᠨ ᠴᠠᠭ᠄
2024/5/21
     ᠠᠮᠢᠳᠤᠷᠠᠯ ᠳᠤᠮᠳᠠ᠂ ᠪᠢᠳᠡ ᠦᠷᠬᠦᠯᠵᠢ ᠡᠮᠴᠢ ᠬᠥᠮᠥᠨ ᠤ ᠢᠳᠡᠵᠦ ᠤᠤᠭᠤᠬᠤ ᠶᠢ ᠰᠣᠨᠣᠰᠬᠤ ᠬᠡᠷᠡᠭᠲᠡᠢ᠃ ᠭᠡᠪᠡᠴᠦ᠂ ᠮᠠᠰᠢ ᠣᠯᠠᠨ ᠨᠠᠶᠢᠵᠠ ᠨᠠᠷ ᠡᠷᠡᠭᠦᠯ ᠪᠤᠰᠤ ᠢᠳᠡᠭᠡᠨ ᠤᠮᠳᠠᠭᠠᠨ ᠤ ᠲᠤᠬᠠᠶ ᠲᠠᠨᠢᠯᠲᠠ ᠶᠢᠨ ᠪᠤᠷᠤᠭᠤ ᠣᠷᠣᠰᠢᠭᠰᠠᠭᠠᠷ ᠪᠠᠶᠢᠨ᠎ᠠ᠂ ᠡᠷᠡᠭᠦᠯ ᠪᠤᠰᠤ ᠢᠳᠡᠭᠡᠨ ᠤᠮᠳᠠᠭᠠᠨ ᠪᠣᠯ ᠳᠠᠷᠤᠶ ︽ᠴᠢᠳᠠᠬᠤ ᠶᠢᠨ ᠳᠣᠲᠣᠷ᠎ᠠ ᠴᠠᠭᠠᠨ ᠢᠳᠡᠭᠡ ᠢᠳᠡᠵᠦ᠂ ᠮᠢᠬ᠎ᠠ ᠢᠳᠡᠵᠦ ᠪᠣᠯᠬᠤ ᠥᠬᠡᠶ︾ ᠭᠡᠵᠦ ᠦᠵᠡᠳᠡᠭ᠃ ᠦᠨᠡᠨ ᠳᠤ ᠪᠠᠨ ᠢᠩᠭᠢᠵᠦ ᠢᠳᠡᠬᠦ ᠨᠢ ᠰᠢᠮ᠎ᠡ ᠲᠡᠵᠢᠭᠡᠯ ᠤᠨ ᠲᠡᠩᠴᠡᠪᠦᠷᠢ ᠳᠤ ᠠᠰᠢᠭ ‍ᠦᠭᠡᠢ ᠲᠡᠳᠦᠢ ‍ᠦᠭᠡᠢ ᠪᠡᠶ᠎ᠡ ᠮᠠᠬᠠᠪᠣᠳ ᠢ ᠮᠠᠭᠤᠳᠠᠭᠤᠯᠬᠤ ᠪᠣᠯᠤᠨ᠎ᠠ᠃      ᠠᠮᠲᠠ ᠮᠠᠭᠤᠲᠠᠢ ᠢᠳᠡᠭᠡᠨ ᠤᠮᠳᠠᠭᠠᠨ ᠪᠣᠯ ᠤᠤᠭᠤᠭᠰᠠᠨ ᠲᠠᠢ ᠲᠡᠩᠴᠡᠬᠦ ᠦᠭᠡᠢ      ᠪᠡᠶ᠎ᠡ ᠮᠠᠬᠠᠪᠣᠳ ᠤᠨ ᠡᠷᠡᠭᠦᠯ ᠮᠡᠨᠳᠦ ᠶᠢᠨ ᠭᠤᠣᠯ ᠡᠯᠧᠮᠧᠨ᠋ᠲ ᠨᠢ ᠮᠢᠬ᠎ᠠ ᠢᠳᠡᠬᠦ ᠶᠦᠮ ᠦᠦ︖ ᠬᠠᠷᠢᠨ ᠶᠠᠭᠤ ᠢᠳᠡᠬᠦ ᠪᠠ ᠬᠡᠳᠦᠢ ᠢᠳᠡᠬᠦ ᠳᠤ ᠪᠠᠶᠢᠬᠤ ᠪᠣᠢ᠂ ᠳᠠᠷᠤᠢ ᠬᠥᠮᠦᠨ ᠤ ᠪᠡᠶ᠎ᠡ ᠶᠢᠨ ᠬᠡᠷᠡᠭᠰᠡᠬᠦ ᠱᠢᠮ᠎ᠡ ᠲᠡᠵᠢᠭᠡᠯ ᠤᠨ ᠪᠦᠷᠢᠯᠳᠦᠬᠦᠨ ᠨᠢ ᠪᠦᠷᠢᠨ ᠭᠦᠢᠴᠡᠳ ᠡᠰᠡᠬᠦ᠂ ᠵᠣᠬᠢᠬᠤ ᠬᠡᠮᠵᠢᠶ᠎ᠡ ᠪᠣᠯᠤᠨ᠎ᠠ ᠤᠤ ᠦᠭᠡᠢ ᠦᠦ︖      ᠲᠠᠬᠢᠶ᠎ᠠ᠂ ᠨᠤᠭᠤᠰᠤ᠂ ᠵᠢᠭᠠᠰᠤ᠂ ᠮᠢᠬ᠎ᠠ ᠵᠡᠷᠭᠡ ᠮᠢᠬ᠎ᠠ ᠲᠠᠢ ᠮᠢᠬ᠎ᠠ ᠨᠢ ᠰᠢᠮ᠎ᠡ ᠲᠡᠵᠢᠭᠡᠯ ᠤᠨ ᠴᠢᠬᠤᠯᠠ ᠢᠷᠡᠯᠲᠡ ᠪᠣᠯᠵᠤ᠂ ᠬᠥᠮᠥᠨ ᠤ ᠪᠡᠶ᠎ᠡ ᠶᠢᠨ ᠥᠰᠥᠯᠲᠡ ᠪᠤᠶᠢᠵᠢᠯᠲᠠ ᠪᠠ ᠰᠢᠨ᠎ᠡ ᠬᠠᠭᠤᠴᠢᠨ ᠤ ᠰᠣᠯᠢᠯᠴᠠᠭ᠎ᠠ ᠳᠤ ᠶᠡᠭᠡ ᠬᠡᠮᠵᠢᠶᠡᠨ ᠤ ᠰᠢᠯᠢᠳᠡᠭ ᠤᠭᠤᠷᠠᠭ᠂ ᠥᠭᠡᠬᠦᠨ ᠬᠦᠴᠢᠯ ᠬᠠᠩᠭᠠᠵᠤ ᠴᠢᠳᠠᠨ᠎ᠠ᠃  ᠡᠶᠢᠮᠦ ᠠᠴᠠ᠂ ᠡᠩ ᠤᠨ ᠬᠥᠮᠦᠰ ᠲᠤ ᠠᠪᠴᠤ ᠬᠡᠯᠡᠪᠡᠯ᠂ ᠮᠢᠬᠠᠨ ᠤ ᠲᠥᠷᠥᠯ ᠨᠢ ᠪᠡᠶ᠎ᠡ ᠶᠢᠨ ᠡᠷᠡᠭᠦᠯ ᠠᠳᠦ ᠳᠤ ᠶᠡᠭᠡ ᠲᠤᠰᠠᠲᠠᠢ ᠶᠤᠮ᠃      ᠡᠶᠢᠮᠦ ᠠᠴᠠ ᠡᠮᠴᠢ ᠶᠢᠨ ᠱᠠᠭᠠᠷᠳᠠᠯᠭ᠎ᠠ ᠨᠢ ᠰᠤᠯᠠ ᠬᠤᠭᠤᠯᠠ ᠪᠠᠶᠢᠭᠰᠠᠨ ᠴᠤ ᠠᠯᠢ ᠴᠢᠳᠠᠬᠤ ᠪᠠᠷ ᠮᠢᠬ᠎ᠠ ᠶᠢ ᠨᠢ ᠢᠳᠡᠵᠦ᠃ ᠮᠢᠬ᠎ᠠ ᠶᠢ ᠵᠣᠬᠢᠴᠠᠭᠤᠯᠬᠤ ᠬᠤᠭᠤᠯᠠ ᠤᠮᠳᠠ ᠨᠢ ᠬᠦᠮᠦᠨ ᠤ ᠪᠡᠶ᠎ᠡ ᠶᠢᠨ ᠰᠢᠨ᠎ᠡ ᠬᠠᠭᠤᠴᠢᠨ ᠤ ᠰᠣᠯᠢᠯᠴᠠᠭ᠎ᠠ ᠶᠢ ᠠᠬᠢᠭᠤᠯᠵᠤ᠂ ᠨᠡᠭᠡᠳᠡᠰᠦ ᠶᠢᠨ ᠪᠦᠲᠦᠴᠡ ᠶᠢᠨ ᠪᠦᠷᠢᠨ ᠪᠦᠲᠦᠨ ᠪᠠᠶᠢᠬᠤ ᠶᠢ ᠪᠠᠲᠤᠯᠠᠵᠤ᠂ ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠳᠡᠭᠡᠭᠰᠢᠯᠡᠭᠦᠯᠵᠦ᠂ ᠬᠥᠭᠰᠢᠷᠡᠬᠦ ᠶᠢ ᠤᠳᠠᠭᠠᠰᠢᠷᠠᠭᠤᠯᠵᠤ᠂ ᠤᠷᠲᠤ ᠨᠠᠰᠤᠯᠠᠬᠤ ᠶᠢ ᠠᠬᠢᠭᠤᠯᠬᠤ ᠪᠣᠯᠤᠨ᠎ᠠ᠃      ᠢᠳᠡᠭᠡᠨ ᠢ ᠣᠯᠠᠨ ᠶᠠᠩᠵᠤᠴᠢᠯᠠᠬᠤ ᠪᠣᠯ ᠦᠨᠳᠦᠰᠦᠨ ᠵᠠᠷᠴᠢᠮ ᠮᠦᠨ      ᠴᠣᠬᠤᠮ ᠶᠠᠭᠤ ᠪᠣᠯ ᠵᠢᠩᠬᠢᠨᠢ ᠠᠮᠲᠠ ᠦᠭᠡᠢ ᠢᠳᠡᠭᠡᠨ ᠤᠮᠳᠠᠭᠠᠨ ᠮᠥᠨ ᠪᠤᠢ︖      ᠦᠨᠡᠨ ᠳᠡᠭᠡᠨ ᠬᠠᠷᠢᠭᠤᠯᠲᠠ ᠨᠢ ᠪᠤᠳᠤᠯᠢᠶᠠᠨᠲᠠᠢ ᠪᠢᠱᠢ᠂ ᠬᠠᠮᠤᠭ ᠦᠨᠳᠦᠰᠦᠨ ᠵᠠᠷᠴᠢᠮ ᠨᠢ ᠳᠠᠷᠤᠢ ᠢᠳᠡᠭᠡᠨ ᠤ ᠣᠯᠠᠨ ᠶᠠᠩᠵᠤ᠃ ᠭᠤᠤᠯ ᠢᠳᠡᠭᠡᠨ ᠳᠤ ᠠᠮᠤ ᠪᠤᠳᠠᠭᠠᠨ ᠤ ᠲᠥᠮᠥᠰᠥ ᠪᠠᠷ ᠭᠤᠤᠯ ᠪᠣᠯᠭᠠᠵᠤ᠂ ᠢᠳᠡᠰᠢᠨ ᠨᠣᠭᠤᠭ᠎ᠠ ᠪᠣᠯᠤᠨ ᠵᠢᠮᠢᠰ ᠢ ᠵᠣᠬᠢᠬᠤ ᠬᠡᠮᠵᠢᠶ᠎ᠡ ᠪᠠᠷ ᠢᠯᠡᠭᠦᠦ ᠢᠳᠡᠵᠦ᠂ ᠪᠠᠶᠢᠩᠭᠤ ᠰᠦ᠋᠂ ᠪᠤᠷᠴᠠᠭ ᠤᠨ ᠵᠦᠢᠯ ᠪᠣᠯᠤᠨ ᠵᠣᠬᠢᠬᠤ ᠬᠡᠮᠵᠢᠶᠡᠨ ᠤ ᠵᠢᠭᠠᠰᠤ᠂ ᠵᠢᠭᠦᠷᠲᠡᠨ᠂ ᠥᠨᠳᠡᠭᠡ᠂ ᠬᠠᠷ᠎ᠠ ᠮᠢᠬ᠎ᠠ ᠢᠳᠡᠳᠡᠭ᠃ ᠡᠨᠡ ᠰᠠᠭᠤᠷᠢᠨ ᠳᠡᠭᠡᠷ᠎ᠡ ᠪᠠᠨ ᠠᠮᠲᠠ ᠨᠢ ᠨᠢᠮᠭᠡᠨ᠂ ᠳᠠᠪᠤᠰᠤ ᠪᠠᠭ᠎ᠠ ᠢᠳᠡᠬᠦ᠂ ᠰᠢᠬᠢᠷ ᠪᠠᠭ᠎ᠠ ᠢᠳᠡᠬᠦ ᠶᠢ ᠰᠠᠨᠠᠭᠠᠴᠢᠯᠠᠨ᠎ᠠ᠃      ᠡᠳᠦᠷ ᠲᠤᠲᠤᠮ ᠤᠨ ᠬᠤᠭᠤᠯᠠ ᠤᠮᠳᠠ ᠳᠠᠭᠠᠨ ᠪᠠᠶᠢᠭᠠᠯᠢ ᠶᠢᠨ ᠢᠳᠡᠭᠡᠨ ᠤ ᠮᠠᠲ᠋ᠧᠷᠢᠶᠠᠯ ᠢ ᠰᠣᠩᠭᠤᠵᠤ᠂ ᠳᠥᠭᠦᠮᠬᠡᠨ ᠢᠶᠠᠷ ᠡᠳᠰᠢᠭᠦᠯᠪᠡᠯ ᠪᠣᠯᠴᠢᠬᠠᠨ᠎ᠠ᠃ ᠬᠡᠳᠦ ᠳᠡᠯᠭᠡᠭᠦᠷ ᠤᠨ ᠵᠠᠷᠢᠮ ᠰᠤᠯᠠ ᠢᠳᠡᠭᠡᠨ ᠵᠢᠴᠢ ᠬᠤᠭᠤᠯᠠᠨ ᠭᠡᠷ ᠤᠨ ᠬᠠᠩᠭᠠᠭᠰᠠᠨ ᠠᠮᠲᠠᠲᠤ ᠨᠣᠭᠤᠭ᠎ᠠ ᠨᠢ ᠶᠡᠷᠦ ᠨᠢ ᠠᠮᠲᠠ ᠶᠢᠨ ᠲᠥᠯᠥᠭᠡ᠂ ᠡᠰᠡᠬᠦᠯ᠎ᠡ ᠲᠣᠰᠣ᠂ ᠨᠢᠭᠡ ᠨᠢ ᠥᠨᠳᠥᠷ᠂ ᠨᠢᠭᠡ ᠨᠢ ᠥᠨᠳᠥᠷ᠂ ᠱᠢᠬᠢᠷ᠂ ᠲᠡᠷᠡᠴᠢᠯᠡᠨ ᠭᠤᠷᠪᠠᠨ ᠨᠢ ᠪᠦᠷ ᠥᠨᠳᠥᠷ᠃ ᠤᠳᠠᠭᠠᠨ ᠵᠢᠯ ᠢᠩᠭᠢᠵᠦ ᠬᠢᠭᠰᠡᠨ ︽ᠭᠤᠷᠪᠠᠨ ᠥᠨᠳᠥᠷ︾ ᠬᠦᠨᠡᠰᠦᠨ ᠤ ᠪᠦᠲᠦᠭᠡᠭᠳᠡᠬᠦᠨ ᠨᠢ ᠡᠮᠴᠢ ᠠᠴᠠ ᠥᠪᠡᠷ ᠢᠶᠠᠨ ︽ᠭᠤᠷᠪᠠᠨ ᠥᠨᠳᠥᠷ︾ ︵ᠴᠢᠰᠤᠨ ᠥᠭᠡᠬᠦ ᠶᠡᠭᠡ᠂ ᠴᠢᠰᠤᠨ ᠳᠠᠷᠤᠯᠲᠠ ᠥᠨᠳᠥᠷ᠂ ᠴᠢᠰᠤᠨ ᠰᠢᠬᠢᠷ ᠥᠨᠳᠥᠷ︶ ᠦᠵᠡᠬᠦ ᠠᠶᠤᠯ ᠨᠢ ᠴᠤ ᠶᠡᠬᠡᠬᠡᠨ ᠨᠡᠮᠡᠭᠳᠡᠪᠡ᠃           ᠢᠷᠡᠯᠲᠡ᠄ ᠡᠷᠡᠭᠦᠯ ᠴᠢᠬᠢᠷᠠᠭ ᠳᠤᠮᠳᠠᠳᠤ ᠤᠯᠤᠰ           ᠤᠷᠴᠢᠭᠤᠯᠤᠭᠴᠢ᠄ ᠨᠠᠷᠠᠰᠤ           ᠬᠢᠨᠠᠨ ᠬᠠᠷᠭᠤᠭᠤᠯᠤᠭᠴᠢ᠄ ᠮᠥᠩᠭᠦᠨᠰᠤᠶᠢᠬᠡ    
 
ᠢᠷᠡᠯᠲᠡ᠄ ᠡᠷᠡᠭᠦᠯ ᠴᠢᠬᠢᠷᠠᠭ ᠳᠤᠮᠳᠠᠳᠤ ᠤᠯᠤᠰ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3