ᠬᠠᠯᠠᠭᠤᠨ ᠴᠠᠢ ᠶᠤᠮ ᠦᠦ ᠬᠦᠢᠲᠡᠨ ᠤᠰᠤ ᠶᠤᠮ  ᠦᠦ᠂ ᠠᠯᠢ ᠨᠢ ᠨᠡᠩ ᠬᠠᠯᠠᠭᠤᠨ ᠢ ᠲᠠᠶᠢᠯᠬᠤ ᠪᠤᠶ︖
ᠨᠡᠶᠢᠲᠡᠯᠡᠭᠰᠡᠨ ᠴᠠᠭ᠄
2023/7/3
     ᠵᠣᠨ ᠤ ᠲᠦᠢᠯ ᠪᠣᠯᠤᠭᠰᠠᠨ ᠤ ᠳᠠᠷᠠᠭ᠎ᠠ᠂ ᠶᠡᠭᠡ ᠬᠡᠮᠵᠢᠶᠡᠨ ᠤ ᠨᠦᠢᠲᠠᠨ ᠠᠭᠤᠷ ᠠᠮᠢᠰᠬᠤᠯ ᠭᠠᠵᠠᠷ ᠳᠡᠭᠡᠷ᠎ᠡ ᠠᠴᠠ ᠠᠭᠠᠷ ᠲᠤ ᠠᠭᠤᠷᠰᠢᠨ᠎ᠠ᠃ ᠡᠭᠦᠨ ᠤ ᠵᠡᠷᠭᠡ ᠳᠤ᠂ ᠰᠢᠲᠠᠮ᠎ᠠ ᠬᠠᠯᠠᠭᠤᠨ ᠨᠠᠷᠠ ᠡᠬᠡ ᠭᠠᠵᠠᠷ ᠢ ᠨᠢᠭᠡ ᠯᠡ ᠬᠥᠭ ᠢᠶᠠᠷ ᠲᠤᠰᠤᠨ᠎ᠠ᠃ ᠳᠡᠭᠡᠷ᠎ᠡ ᠲᠠᠯ᠎ᠠ ᠶᠢᠨ ᠬᠠᠯᠠᠭᠤᠨ ᠠᠭᠤᠷ ᠳᠣᠷᠣᠭᠰᠢᠯᠠᠵᠤ᠂ ᠭᠠᠵᠠᠷ ᠳᠡᠭᠡᠷᠡᠬᠢ ᠨᠦᠢᠲᠠᠨ ᠠᠭᠤᠷ ᠳᠡᠭᠡᠭᠰᠢᠯᠡᠨ᠂ ᠨᠦᠢᠲᠠᠨ ᠬᠠᠯᠠᠭᠤᠨ ᠰᠦᠯᠵᠢᠯᠳᠦᠵᠦ ᠪᠠᠶᠢᠬᠤ ᠦᠶ᠎ᠡ ᠳᠤ ᠬᠥᠮᠦᠰ ᠵᠣᠪᠠᠯ ᠵᠦᠳᠡᠭᠦᠷᠢ ᠶᠢ ᠶᠡᠭᠡ ᠪᠠᠷ ᠠᠮᠰᠠᠵᠤ᠂ ᠬᠡᠷᠬᠢᠨ ᠬᠠᠯᠠᠭᠤᠨ ᠢ ᠲᠠᠶᠢᠯᠬᠤ ᠭᠡᠳᠡᠭ ᠨᠢ ᠬᠥᠮᠦᠨ ᠪᠦᠬᠦᠨ ᠤ ᠠᠩᠬᠠᠷᠤᠯ ᠢ ᠲᠠᠲᠠᠭᠰᠠᠨ ᠰᠡᠳᠦᠪ ᠪᠣᠯᠵᠠᠶ᠃ ᠡᠨᠡ ᠨᠢ ᠬᠥᠮᠦᠰ ᠤᠨ ᠠᠩᠬᠠᠷᠤᠯ ᠢ ᠲᠠᠲᠠᠭᠰᠠᠨ ᠶᠠᠷᠢᠶᠠᠨ ᠤ ᠰᠡᠳᠦᠪ ᠪᠣᠯᠤᠭᠰᠠᠨ ᠪᠠᠶᠢᠨ᠎ᠠ᠃ ᠡᠨᠡ ᠨᠢ ᠬᠥᠮᠦᠰ ᠤᠨ ᠠᠩᠬᠠᠷᠤᠯ ᠢ ᠲᠠᠲᠠᠭᠰᠠᠨ ᠶᠠᠷᠢᠶᠠᠨ ᠤ ᠰᠡᠳᠦᠪ ᠪᠣᠯᠤᠭᠰᠠᠨ ᠪᠠᠶᠢᠨ᠎ᠠ᠃      ᠮᠠᠰᠢ ᠣᠯᠠᠨ ᠬᠥᠮᠦᠨ ᠬᠠᠯᠠᠭᠤᠨ ᠢ ᠰᠡᠷᠡᠵᠦ ᠣᠯᠤᠮᠠᠭᠴᠠ ᠰᠢᠭᠤᠳ ᠨᠢᠭᠡ ᠴᠣᠮᠣ ᠮᠥᠰᠥ ᠲᠠᠢ ᠤᠰᠤ᠂ ᠨᠢᠭᠡ ᠬᠡᠰᠡᠭ ᠬᠥᠷᠥᠭᠡᠭᠰᠡᠨ ᠲᠠᠷᠪᠤᠰ ᠢ ᠪᠤᠳᠤᠨ ᠣᠯᠵᠤ᠂ ᠬᠤᠳᠣᠭᠤᠳᠣᠨ ᠳᠤᠨᠢ ᠣᠷᠣᠲᠠᠯ᠎ᠠ ᠢᠳᠡᠭᠡᠳ ᠪᠦᠬᠦ ᠪᠡᠶ᠎ᠡ ᠨᠢ ᠵᠢᠬᠡᠭᠦᠨ ᠵᠢᠬᠡᠭᠦᠴᠡᠳᠡᠭ ᠪᠠᠶᠢᠨ᠎ᠠ᠃ ᠡᠨᠡ ᠦᠶ᠎ᠡ ᠳᠤ ᠮᠠᠰᠢ ᠣᠯᠠᠨ ᠬᠥᠮᠦᠨ ᠬᠠᠯᠠᠭᠤᠨ ᠢ ᠰᠡᠷᠡᠵᠦ ᠮᠡᠳᠡᠮᠡᠭᠴᠡ ᠰᠢᠭᠤᠳ ᠨᠢᠭᠡ ᠴᠣᠮᠣ ᠮᠥᠰᠥ ᠲᠠᠢ ᠤᠰᠤ᠂ ᠨᠢᠭᠡ ᠬᠡᠰᠡᠭ ᠬᠥᠷᠥᠭᠡᠭᠰᠡᠨ ᠲᠠᠷᠪᠤᠰ ᠢ ᠪᠤᠳᠤᠨ ᠣᠯᠳᠠᠭ᠃ ᠭᠡᠪᠡᠴᠦ ᠡᠨᠡ ᠬᠦ ᠰᠡᠷᠢᠭᠦᠨ ᠰᠡᠷᠡᠯ ᠨᠢ ᠲᠡᠶᠢᠮᠦ ᠣᠷᠳᠣ ᠬᠤᠭᠤᠴᠠᠭ᠎ᠠ ᠦᠷᠭᠦᠯᠵᠢᠯᠡᠵᠦ ᠳᠡᠶᠢᠯᠬᠦ ᠥᠬᠡᠶ᠂ ᠴᠢᠨᠠᠭᠰᠢᠯᠠᠪᠠᠯ ᠠᠮᠲᠠᠲᠠᠶ ᠬᠦᠶ᠋ᠲᠡᠨ ᠤᠮᠳᠠᠭᠠᠨ ᠨᠢ ᠭᠡᠳᠡᠷᠭᠦ ᠪᠠᠨ ᠬᠥᠮᠦᠨ ᠤ ᠪᠡᠶ᠎ᠡ ᠳᠤ ᠣᠯᠠᠨ ᠵᠦᠶ᠋ᠯ ᠤᠨ ᠬᠤᠤᠷ ᠬᠥᠨᠥᠭᠡᠯ ᠤᠴᠠᠷᠠᠭᠤᠯᠳᠠᠭ᠃      ᠶᠠᠭᠠᠬᠢᠭᠠᠳ ᠪᠤᠢ︖ ᠶᠠᠭᠤᠨ ᠤ ᠡᠮᠦᠨ᠎ᠡ᠂ ᠬᠥᠮᠦᠨ ᠤ ᠤᠤᠭᠤᠵᠤ ᠣᠷᠣᠭᠤᠯᠤᠭᠰᠠᠨ ᠶᠡᠭᠡ ᠬᠡᠮᠵᠢᠶᠡᠨ ᠤ ᠬᠥᠷᠥᠭᠡᠭᠰᠡᠨ ᠤᠮᠳᠠᠭᠠᠨ ᠳᠤ ᠪᠡᠶ᠎ᠡ ᠶᠢᠨ ᠳᠣᠲᠣᠷᠠᠬᠢ ᠤᠰᠤ ᠶᠢ ᠰᠢᠩᠭᠡᠷᠡᠭᠦᠯᠵᠦ᠂ ᠬᠦᠢᠲᠡᠨ ᠤᠮᠳᠠᠭᠠᠨ ᠪᠡᠶ᠎ᠡ ᠶᠢᠨ ᠳᠣᠲᠣᠷ᠎ᠠ ᠣᠷᠣᠪᠠᠯ ᠪᠡᠶ᠎ᠡ ᠶᠢᠨ ᠳᠣᠲᠣᠷᠠᠬᠢ ᠳᠤᠯᠠᠭᠠᠨ ᠤ ᠬᠡᠮᠵᠢᠶ᠎ᠡ ᠶᠢ ᠭᠡᠨᠡᠳᠲᠡ ᠪᠠᠭᠤᠷᠠᠭᠤᠯᠤᠨ᠂ ᠬᠠᠯᠠᠭᠤᠨ ᠤ ᠬᠠᠯᠠᠭᠤᠨ ᠤ ᠪᠥᠭᠡᠮᠨᠡᠷᠡᠯ ᠢ ᠲᠠᠷᠬᠠᠭᠠᠬᠤ ᠶᠢᠨ ᠠᠷᠭ᠎ᠠ ᠦᠭᠡᠢ ᠪᠣᠯᠭᠠᠵᠤ᠂ ᠨᠠᠷᠠᠰᠢᠬᠤ ᠲᠦᠭᠰᠢᠭᠦᠷᠢ ᠶᠢ ᠨᠡᠮᠡᠭᠳᠡᠭᠦᠯᠦᠨ᠎ᠡ᠃ ᠳᠠᠷᠠᠭ᠎ᠠ ᠳᠤᠨᠢ᠂ ᠢᠳᠡᠭᠡᠨ ᠤ ᠬᠦᠢᠲᠡᠨ ᠬᠦᠢᠲᠡᠨ ᠨᠢ ᠬᠤᠳᠣᠭᠤᠳᠣ ᠭᠡᠳᠡᠰᠦᠨ ᠤ ᠵᠠᠮ ᠤᠨ ᠵᠠᠭᠤᠷᠠᠯᠲᠠ ᠶᠢᠨ ᠴᠢᠨᠠᠷᠲᠠᠶ ᠠᠪᠴᠢᠯᠲᠠ ᠶᠢ ᠡᠭᠦᠰᠭᠡᠵᠦ᠂ ᠬᠡᠪᠡᠯᠢ ᠡᠪᠡᠳᠬᠦ᠂ ᠭᠡᠳᠡᠰᠦ ᠬᠥᠭᠡᠭᠡᠬᠦ ᠵᠡᠷᠭᠡ ᠡᠪᠡᠳᠴᠢᠨ ᠤ ᠢᠯᠡᠷᠡᠯ ᠢ ᠡᠭᠦᠰᠭᠡᠨ᠎ᠡ᠃ ᠡᠭᠦᠨ ᠠᠴᠠ ᠭᠠᠳᠠᠨ᠎ᠠ᠂ ᠬᠡᠲᠦ  ᠬᠦᠢᠲᠡᠨ ᠢᠳᠡᠪᠡᠯ ᠪᠠᠰᠠ ᠵᠢᠷᠦᠬᠡᠨ ᠤ ᠳᠠᠷᠤᠭᠠᠰᠤ ᠶᠢ ᠬᠦᠨᠳᠦᠷᠡᠭᠦᠯᠵᠦ᠂ ᠬᠤᠳᠣᠭᠤᠳᠣᠨ ᠰᠢᠩᠭᠡᠨ ᠢ ᠰᠢᠩᠭᠡᠭᠡᠵᠦ᠂ ᠰᠢᠩᠭᠡᠭᠡᠯᠲᠡ ᠶᠢ ᠨᠥᠯᠥᠭᠡᠯᠡᠨ᠂ ᠳᠤᠷ᠎ᠠ ᠪᠤᠯᠭᠢᠬᠤ᠂ ᠪᠥᠭᠡᠯᠵᠢᠬᠦ ᠵᠡᠷᠭᠡ ᠤᠷᠪᠠᠯ ᠡᠭᠦᠰᠭᠡᠳᠡᠭ᠃      ᠡᠶᠢᠮᠦ ᠠᠴᠠ ᠨᠢᠭᠡ ᠴᠣᠮᠣ ᠮᠥᠰᠥ ᠲᠠᠢ ᠤᠰᠤ ᠪᠠᠷ ᠵᠤᠨ ᠤ ᠬᠠᠯᠠᠭᠤᠨ ᠢ ᠢᠯᠠᠬᠤ ᠭᠡᠳᠡᠭ ᠴᠢᠨᠢ ᠪᠦᠲᠦᠰᠢ ᠦᠭᠡᠢ ᠬᠡᠷᠡᠭ︕      ᠠᠭᠤᠷ ᠠᠮᠢᠰᠬᠤᠯ ᠬᠡᠳᠦᠶ ᠬᠠᠯᠠᠭᠤᠨ ᠪᠣᠯᠬᠤ ᠲᠤᠲᠤᠮ ᠴᠠᠶ ᠤᠤᠭᠤᠬᠤ ᠬᠡᠷᠡᠭᠲᠡᠶ᠂ ᠢᠯᠠᠩᠭᠤᠶ᠎ᠠ ᠬᠠᠯᠠᠭᠤᠨ ᠴᠠᠶ ᠤᠤᠭᠤᠬᠤ ᠨᠢ ᠰᠠᠶ᠋ᠢ ᠵᠢᠩᠬᠢᠨᠢ ᠬᠠᠯᠠᠭᠤᠨ ᠢ ᠲᠠᠶᠢᠯᠬᠤ ᠡᠷᠳᠡᠨᠢ ᠶᠤᠮ᠃      ᠡᠨᠡ ᠨᠢ ᠪᠠᠰᠠ ᠶᠠᠭᠤᠨ ᠤ ᠤᠴᠢᠷ ᠠᠴᠠ ᠪᠣᠯᠤᠭᠰᠠᠨ ᠪᠤᠢ︖ ᠬᠠᠯᠠᠭᠤᠨ ᠴᠠᠢ ᠤᠤᠭᠤᠪᠠᠯ ᠠᠷᠠᠰᠤᠨ ᠤ ᠬᠥᠯᠥᠰᠥᠨ ᠤ ᠰᠢᠭᠦᠷᠡᠯᠲᠡ ᠶᠢ ᠠᠬᠢᠭᠤᠯᠵᠤ᠂ ᠦᠰᠦᠨ ᠤ ᠰᠦᠪᠡ ᠨᠡᠭᠡᠭᠡᠭᠳᠡᠨ᠎ᠡ᠃ ᠬᠥᠯᠥᠰᠥ ᠠᠭᠤᠷᠰᠢᠬᠤ ᠦᠶ᠎ᠡ ᠳᠤ ᠪᠠᠰᠠ ᠪᠡᠶ᠎ᠡ ᠶᠢᠨ ᠥᠩᠭᠡᠨ ᠳᠠᠪᠬᠤᠷᠭ᠎ᠠ ᠶᠢᠨ ᠢᠯᠴᠢ ᠶᠢᠨ ᠬᠡᠮᠵᠢᠶ᠎ᠡ ᠶᠢ ᠰᠠᠷᠨᠢᠭᠤᠯᠳᠠᠭ᠃ ᠡᠭᠦᠨ ᠤ ᠬᠠᠮᠲᠤ ᠬᠥᠮᠦᠨ ᠤ ᠪᠡᠶ᠎ᠡ ᠶᠢᠨ ᠴᠢᠰᠤᠨ ᠤᠷᠤᠰᠬᠠᠯ ᠤᠨ ᠬᠡᠮᠵᠢᠶ᠎ᠡ ᠶᠡᠭᠡ ᠪᠠᠷ ᠨᠡᠮᠡᠭᠳᠡᠨ᠂ ᠬᠥᠯᠥᠰᠥᠨ ᠤ ᠰᠢᠭᠦᠷᠡᠯᠲᠡ ᠴᠦ ᠨᠡᠮᠡᠭᠳᠡᠵᠦ᠂ ᠬᠥᠮᠦᠨ ᠤ ᠪᠡᠶ᠎ᠡ ᠶᠢᠨ ᠭᠦᠨ ᠬᠡᠰᠡᠭ ᠤᠨ ᠢᠯᠴᠢ ᠶᠢᠨ ᠬᠡᠮᠵᠢᠶ᠎ᠡ ᠴᠦ ᠠᠭᠠᠵᠢᠮ ᠢᠶᠠᠷ ᠲᠠᠷᠬᠠᠵᠤ ᠭᠠᠷᠤᠨ᠎ᠠ᠃ ᠠᠩᠬᠠᠷᠬᠤ ᠴᠢᠬᠤᠯᠠ ᠲᠠᠢ ᠨᠢ᠂ ᠴᠠᠢ ᠶᠢᠨ ᠱᠥᠯᠥ ᠶᠢᠨ ᠬᠠᠯᠠᠭᠤᠨ ᠤ ᠬᠡᠮᠵᠢᠶ᠎ᠡ ᠶᠢ ᠪᠠᠭᠤᠷᠠᠭᠤᠯᠤᠭᠠᠳ 40 ᠭᠷᠠᠳᠦ᠋ᠰ ᠣᠷᠴᠢᠮ ᠪᠣᠯᠤᠭᠰᠠᠨ ᠤ ᠳᠠᠷᠠᠭ᠎ᠠ ᠠᠭᠠᠵᠢᠮ ᠢᠶᠠᠷ ᠤᠤᠭᠤᠵᠤ ᠤᠤᠭᠤᠪᠠᠯ ᠵᠣᠬᠢᠨ᠎ᠠ᠃      ᠬᠡᠷᠪᠡ ᠬᠠᠯᠠᠭᠤᠨ ᠴᠠᠢ ᠳᠤ ᠳᠤᠷ᠎ᠠ ᠦᠭᠡᠢ ᠪᠣᠯ ᠨᠢᠭᠡ ᠴᠣᠮᠣ ᠡᠩ ᠤᠨ ᠳᠤᠯᠠᠭᠠᠨ ᠴᠠᠢ ᠠᠪᠤᠶ᠎ᠠ᠃ ᠴᠠᠢ ᠶᠢᠨ ᠳᠣᠲᠣᠷᠠᠬᠢ ᠺᠣᠹᠧ ᠶᠢᠨ ᠱᠦᠯᠲᠦ ᠵᠡᠷᠭᠡ ᠪᠦᠷᠢᠯᠳᠦᠬᠦᠨ ᠨᠢ ᠪᠠᠰᠠ ᠪᠡᠶ᠎ᠡ ᠶᠢᠨ ᠳᠤᠯᠠᠭᠠᠨ ᠢ ᠲᠣᠬᠢᠷᠠᠭᠤᠯᠵᠤ᠂ ᠬᠠᠯᠠᠭᠤᠨ ᠢ ᠪᠠᠭᠤᠷᠠᠭᠤᠯᠬᠤ ᠦᠢᠯᠡᠳᠦᠯ ᠲᠠᠢ᠃ ᠴᠠᠢ ᠳᠤ ᠣᠨᠴᠠ ᠪᠠᠶᠢᠳᠠᠭ ᠠᠩᠬᠢᠯᠤᠮ᠎ᠠ ᠦᠨᠦᠷ ᠤᠨ ᠲᠤᠰ ᠪᠡᠶ᠎ᠡ ᠨᠢ ᠣᠯᠳᠠᠬᠤᠶ᠎ᠠ ᠪᠡᠷᠬᠡ ᠰᠡᠷᠢᠭᠦᠨ ᠡᠳ᠋ ᠪᠣᠯᠬᠤ ᠶᠤᠮ᠃ ᠴᠠᠢ ᠶᠢᠨ ᠳᠣᠲᠣᠷ᠎ᠠ ᠸᠢᠲ᠋ᠠᠮᠢᠨ ᠪᠣᠯᠤᠨ ᠡᠷᠦᠳᠡᠰᠦ ᠶᠢᠨ ᠡᠯᠧᠮᠧᠨ᠋ᠲ ᠠᠭᠤᠯᠤᠭᠳᠠᠵᠤ᠂ ᠵᠣᠬᠢᠬᠤ ᠡᠷᠡᠭᠦᠯᠵᠢᠯ ᠤᠨ ᠦᠢᠯᠡᠳᠦᠯ ᠲᠠᠢ ᠪᠠᠶᠢᠳᠠᠭ᠃ ᠴᠠᠢ ᠶᠢᠨ ᠳᠣᠲᠣᠷᠠᠬᠢ ᠴᠠᠢ ᠶᠢᠨ ᠣᠯᠠᠨᠴᠢ ᠹᠤᠨᠤᠯ᠂ ᠵᠢᠮᠢᠰ ᠤᠨ ᠴᠠᠪᠠᠤ᠂ ᠰᠢᠪᠲᠦᠷᠲᠦ ᠬᠦᠴᠢᠯ᠂ ᠰᠢᠬᠢᠷ ᠵᠡᠷᠭᠡ ᠪᠣᠳᠠᠰ ᠨᠢ ᠠᠮᠠᠨ ᠳᠠᠬᠢ ᠰᠢᠯᠦᠰᠦ ᠲᠠᠢ ᠤᠷᠪᠠᠯ ᠡᠭᠦᠰᠴᠦ᠂ ᠠᠮᠠᠨ ᠤ ᠬᠥᠨᠳᠡᠶ ᠶᠢ ᠰᠢᠮᠡᠵᠢᠭᠦᠯᠵᠦ᠂ ᠬᠥᠮᠦᠰ ᠲᠤ ᠰᠡᠷᠢᠭᠦᠨ ᠰᠠᠨᠠᠭᠳᠠᠨ᠎ᠠ᠃      ᠡᠶᠢᠮᠦ ᠠᠴᠠ ᠬᠠᠯᠠᠭᠤᠨ ᠢ ᠲᠠᠶᠢᠯᠬᠤ ᠦᠢᠯᠡᠳᠦᠯ ᠤᠨ ᠲᠠᠯ᠎ᠠ ᠪᠠᠷ ᠬᠠᠯᠠᠭᠤᠨ ᠴᠠᠢ ᠨᠢ ᠪᠦᠷ ᠮᠥᠰᠥ ᠲᠠᠢ ᠤᠰᠤ ᠶᠢ ᠲᠠᠶᠢᠯᠤᠨ᠎ᠠ᠃      ᠴᠠᠢ ᠶᠢᠨ ᠲᠦᠷᠦᠯ ᠵᠦᠢᠯ ᠮᠠᠰᠢ ᠤᠯᠠᠨ ᠪᠠᠶᠢᠳᠠᠭ᠂ ᠶᠡᠷᠦ ᠳᠡᠭᠡᠨ ᠨᠣᠭᠤᠭᠠᠨ ᠴᠠᠢ᠂ ᠬᠠᠷ᠎ᠠ ᠴᠠᠢ᠂ ᠰᠢᠷ᠎ᠠ ᠴᠠᠢ ᠭᠡᠵᠦ ᠭᠤᠷᠪᠠᠨ ᠶᠡᠭᠡ ᠲᠦᠷᠦᠯ ᠳᠤ ᠬᠤᠪᠢᠶᠠᠳᠠᠭ᠃ ᠶᠡᠷᠦ ᠶᠢᠨ ᠦᠭᠡᠨ ᠳᠤ ︽ᠬᠠᠪᠤᠷ ᠤᠨ ᠴᠡᠴᠡᠭ᠂ ᠵᠤᠨ ᠤ ᠨᠣᠭᠤᠭᠠᠨ᠂ ᠨᠠᠮᠤᠷ ᠤᠨ ᠨᠣᠭᠤᠭᠠᠨ᠂ ᠡᠪᠦᠯ ᠤᠨ ᠤᠯᠠᠭᠠᠨ︾ ᠭᠡᠳᠡᠭ᠃ ᠨᠣᠭᠤᠭᠠᠨ ᠴᠠᠶ ᠰᠡᠷᠢᠭᠦᠨ᠂ ᠵᠤᠨ ᠤ ᠤᠯᠠᠷᠢᠯ ᠳᠤ ᠤᠤᠭᠤᠪᠠᠯ ᠬᠠᠯᠠᠭᠤᠨ ᠢ ᠠᠷᠢᠯᠭᠠᠵᠤ ᠬᠠᠯᠠᠭᠤᠨ ᠢ ᠲᠠᠶᠢᠯᠤᠨ᠎ᠠ᠃ ᠨᠣᠭᠤᠭᠠᠨ ᠴᠠᠶ ᠶᠢᠨ ᠣᠯᠠᠩᠬᠢ ᠨᠢ ᠰᠢᠨ᠎ᠡ ᠨᠠᠪᠴᠢ ᠪᠠᠷ ᠲᠦᠭᠦᠬᠡᠶ ᠮᠠᠲ᠋ᠧᠷᠢᠶᠠᠯ ᠪᠣᠯᠭᠠᠵᠤ᠂ ᠬᠢᠬᠦ ᠠᠯᠬᠤᠮ ᠳᠠᠷᠠᠭ᠎ᠠ ᠨᠢ ᠴᠦ ᠬᠠᠷᠢᠴᠠᠩᠭᠤᠶ ᠳᠥᠭᠦᠮ ᠪᠠᠶᠢᠵᠤ᠂ ᠢᠰᠬᠡᠭᠰᠡᠨ ᠥᠬᠡᠶ ᠠᠴᠠ ᠪᠠᠶᠢᠭᠠᠯᠢ ᠶᠢᠨ ᠪᠣᠳᠠᠰ ᠢ ᠨᠢ ᠮᠠᠰᠢ ᠰᠠᠶᠢᠨ ᠬᠠᠳᠠᠭᠠᠯᠠᠵᠤ᠂ ᠠᠩᠬᠢᠯᠤᠮ᠎ᠠ ᠰᠠᠶᠢᠬᠠᠨ ᠦᠨᠦᠷ ᠬᠠᠩᠬᠤᠯᠵᠤ ᠪᠠᠶᠢᠳᠠᠭ᠃                                   ᠢᠷᠡᠯᠲᠡ᠄  ᠡᠷᠡᠭᠦᠯ ᠴᠢᠬᠢᠷᠠᠭ ᠳᠤᠮᠳᠠᠳᠦ ᠤᠯᠤᠰ                               ᠤᠷᠴᠢᠭᠤᠯᠤᠭᠴᠢ᠄ ᠮᠥᠩᠭᠦᠨᠰᠤᠶᠢᠬᠡ                               ᠬᠢᠨᠠᠨ ᠬᠠᠷᠭᠤᠭᠤᠯᠤᠭᠴᠢ᠄ ᠮᠥᠩᠭᠦᠨᠰᠤᠶᠢᠬᠡ
 
ᠢᠷᠡᠯᠲᠡ᠄ ᠰᠢᠩ ᠾᠧ ᠰᠢᠶᠠᠨ ᠤ ᠵᠠᠰᠠᠭ ᠤᠨ ᠣᠷᠳᠣᠨ ᠤ ᠬᠢᠲᠠᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3