ᠡᠯᠳᠡᠪ ᠠᠮᠤ ᠪᠤᠷᠴᠠᠭ
ᠨᠡᠶᠢᠲᠡᠯᠡᠭᠰᠡᠨ ᠴᠠᠭ᠄
2022/12/10
     ᠤᠯᠠᠭᠠᠨᠴᠠᠪ ᠬᠤᠲᠠ ᠨᠢ ᠳᠤᠮᠳᠠ ᠰᠡᠷᠢᠭᠦᠨ ᠪᠦᠰᠡ ᠳᠤ ᠣᠷᠣᠰᠢᠵᠤ᠂ ᠡᠬᠡ ᠬᠠᠭᠤᠷᠠᠶ ᠶᠢᠨ ᠴᠢᠨᠠᠷᠲᠠᠶ ᠤᠯᠠᠷᠢᠯ ᠤᠨ ᠰᠠᠯᠬᠢᠨ ᠤ ᠠᠭᠤᠷ ᠠᠮᠢᠰᠬᠤᠯ ᠳᠤ ᠬᠠᠷᠢᠶᠠᠯᠠᠭᠳᠠᠵᠤ᠂ ᠳᠥᠷᠪᠡᠨ ᠤᠯᠠᠷᠢᠯ ᠤᠨ ᠣᠨᠴᠠᠯᠢᠭ ᠨᠢ ᠢᠯᠡᠷᠬᠡᠶ᠂ ᠪᠥᠬᠦ ᠵᠢᠯ ᠤᠨ ᠨᠡᠷᠡᠨ ᠤ ᠲᠤᠰᠤᠯᠲᠠ ᠶᠢᠨ ᠴᠠᠭ ᠨᠢ ᠣᠷᠳᠣ᠂ ᠡᠳᠦᠷ ᠰᠥᠨᠢ ᠶᠢᠨ ᠳᠤᠯᠠᠭᠠᠨ ᠤ ᠵᠥᠷᠢᠶ᠎ᠡ ᠨᠢ ᠶᠡᠭᠡ ᠪᠠᠶᠢᠵᠤ᠂ ᠴᠢᠨᠠᠷ ᠰᠠᠶᠢᠲᠠᠶ ᠲᠠᠷᠢᠮᠠᠯ ᠳᠤ ᠣᠨᠴᠠ ᠰᠠᠶᠢᠨ ᠤᠷᠭᠤᠬᠤ ᠣᠷᠴᠢᠨ ᠲᠣᠭᠤᠷᠢᠨ ᠢ ᠬᠠᠩᠭᠠᠪᠠ᠃ ᠬᠢᠯᠢ ᠶᠢᠨ ᠳᠣᠲᠣᠷ᠎ᠠ ᠰᠠᠭᠠᠭ᠂ ᠨᠣᠬᠠᠶ ᠶᠢᠨ ᠬᠤᠰᠢᠭᠤ᠂ ᠠᠷᠪᠠᠶ᠂ ᠨᠠᠷᠢᠮᠤ᠂ ᠤᠯᠠᠭᠠᠨ ᠪᠤᠷᠴᠠᠭ᠂ ᠨᠣᠭᠤᠭᠠᠨ ᠪᠤᠷᠴᠠᠭ᠂ ᠱᠣᠰᠢ᠂ ᠬᠠᠪᠲᠠᠭᠠᠶ ᠪᠤᠷᠴᠠᠭ᠂ ᠸᠠᠨᠳᠧᠦ ᠪᠤᠷᠴᠠᠭ ᠵᠡᠷᠭᠡ ᠪᠦᠷ ᠤᠯᠤᠰ ᠤᠨ ᠳᠣᠲᠣᠭᠠᠳᠤ ᠭᠠᠳᠠᠭᠠᠳᠤ ᠶᠢᠨ ᠪᠣᠷᠣᠯᠠᠭᠤᠯᠭ᠎ᠠ ᠰᠠᠶᠢᠲᠠᠶ ᠪᠦᠲᠦᠭᠡᠭᠳᠡᠬᠦᠨ᠃ᠠᠷᠪᠠᠢ     ᠤᠯᠠᠭᠠᠨᠴᠠᠪ ᠬᠤᠲᠠ ᠶᠢᠨ ᠵᠢᠯ ᠳᠤ ᠪᠣᠭᠤᠳᠠᠶ 2800 ᠲᠦᠮᠡᠨ ᠺᠢᠯᠣᠭ᠍ᠷᠠᠮ᠂ ᠮᠢᠩᠭᠠᠨ ᠮᠥᠬᠦᠯᠢᠭ ᠬᠦᠨᠳᠦ 45 ᠭᠷᠠᠮ ᠭᠠᠷᠳᠠᠭ᠂ ᠪᠣᠭᠤᠳᠠᠶ ᠳᠤ ᠺᠠᠯᠼ᠂ ᠹᠣᠰᠹᠣᠷ ᠵᠡᠷᠭᠡ ᠣᠯᠠᠨ ᠵᠦᠶ᠋ᠯ ᠤᠨ ᠡᠯᠧᠮᠧᠨ᠋ᠲ ᠠᠭᠤᠯᠤᠭᠳᠠᠵᠤ ᠪᠠᠶᠢᠳᠠᠭ᠃ ᠠᠷᠪᠠᠢ ᠪᠠᠷ ᠬᠢᠭᠰᠡᠨ ︽ᠠᠷᠪᠠᠢ ᠶᠢᠨ ᠢᠯᠲᠠᠰᠤᠨ ᠰᠢᠩᠭᠡᠨ ᠪᠤᠳᠠᠭ᠎ᠠ︾ ᠪᠣᠯ ᠰᠢᠮ᠎ᠡ ᠲᠡᠵᠢᠭᠡᠯ ᠰᠠᠶᠢᠲᠠᠢ ᠡᠷᠡᠭᠦᠯᠵᠢᠯ ᠤᠨ ᠢᠳᠡᠭᠡᠨ ᠮᠥᠨ ᠂ ᠠᠷᠪᠠᠢ ᠶᠢᠨ ᠨᠠᠬᠢᠶ᠎ᠠ ᠪᠣᠯ ᠠᠷᠢᠬᠢ ᠨᠡᠷᠡᠬᠦ᠂ ᠲᠤᠰᠤ ᠨᠡᠷᠡᠬᠦ ᠳᠡᠭᠡᠳᠦ ᠳᠡᠰ ᠤᠨ ᠲᠦᠭᠦᠬᠡᠢ ᠡᠳ᠋ ᠮᠥᠨ᠃ ᠤᠯᠠᠭᠠᠨᠴᠠᠪ ᠣᠷᠣᠨ ᠤ ᠠᠷᠪᠠᠶ ᠶᠢᠨ ᠴᠢᠨᠠᠷ ᠰᠠᠶᠢᠲᠠᠶ᠂ ᠡᠯ᠎ᠡ ᠵᠦᠶ᠋ᠯ ᠤᠨ ᠭᠦᠶ᠋ᠴᠡᠳᠬᠡᠯ ᠲᠤᠭ᠎ᠠ ᠨᠢ ᠴᠥᠮ ᠶᠠᠮᠤᠨ ᠠᠴᠠ ᠨᠡᠶᠢᠲᠡᠯᠡᠭᠰᠡᠨ ᠬᠤᠶᠠᠳᠤᠭᠠᠷ ᠳᠡᠰ ᠤᠨ ᠪᠠᠷᠢᠮᠵᠢᠶ᠎ᠠ ᠳᠤ ᠬᠦᠷᠴᠦ᠂ ᠠᠷᠪᠠᠶ ᠶᠢᠨ ᠠᠮᠤ ᠵᠢᠴᠢ ᠲᠡᠭᠦᠨ ᠤ ᠦᠶ᠋ᠯᠡᠳᠬᠦᠨ ᠨᠢ ᠾᠤᠪᠸᠢ᠂ ᠱᠠᠨ ᠰᠢ᠂ ᠱᠠᠨᠳᠦ᠋ᠩ ᠵᠢᠴᠢ ᠵᠡᠭᠦᠨ ᠡᠮᠦᠨᠡᠲᠦ ᠠᠽᠢᠶ᠎ᠠ ᠵᠡᠷᠭᠡ ᠭᠠᠵᠠᠷ ᠲᠤ ᠪᠣᠷᠣᠯᠠᠭᠤᠯᠭ᠎ᠠ ᠰᠠᠶᠢᠲᠠᠶ ᠪᠠᠶᠢᠪᠠ᠃ᠸᠠᠨᠳᠧᠦ ᠪᠤᠷᠴᠠᠭ     ᠤᠯᠠᠭᠠᠨᠴᠠᠪ ᠬᠤᠲᠠ ᠶᠢᠨ ᠸᠠᠨᠳᠧᠦ ᠶᠢᠨ ᠵᠢᠯ ᠤᠨ ᠭᠠᠷᠤᠯᠲᠠ ᠨᠢ 2500 ᠲᠦᠮᠡᠨ ᠺᠢᠯᠣᠭ᠍ᠷᠠᠮ ᠣᠷᠴᠢᠮ ᠪᠠᠶᠢᠵᠤ᠂ ᠲᠥᠷᠥᠯ ᠵᠦᠶ᠋ᠯ ᠨᠢ ᠴᠡᠪᠡᠷ ᠴᠠᠭᠠᠨ ᠸᠠᠨᠳᠧᠦ ᠪᠤᠷᠴᠠᠭ᠂ ᠬᠤᠸᠠ ᠸᠠᠨᠳᠧᠦ ᠪᠤᠷᠴᠠᠭ ᠪᠣᠯᠤᠨ ᠵᠢᠵᠢᠭ ᠴᠠᠭᠠᠨ ᠸᠠᠨᠳᠧᠦ ᠪᠤᠷᠴᠠᠭ᠂ ᠲᠣᠮᠣ ᠮᠥᠬᠦᠯᠢᠭᠲᠦ ᠲᠥᠷᠥᠯ ᠵᠦᠶ᠋ᠯ ᠨᠢ ᠮᠢᠩᠭᠠᠨ ᠮᠥᠬᠦᠯᠢᠭ ᠬᠦᠨᠳᠦ 400 ᠭᠷᠠᠮ ᠪᠠᠶᠢᠵᠤ᠂ ᠡᠯᠪᠡᠭ ᠪᠠᠶᠠᠯᠢᠭ ᠤᠭᠤᠷᠠᠭ ᠪᠠ ᠸᠢᠲ᠋ᠠᠮᠢᠨ ᠲᠠᠢ᠂ ᠰᠢᠳᠦᠨ ᠪᠢᠰᠢᠷᠡᠭᠴᠢ᠂ ᠨᠡᠷᠡᠭᠰᠡᠨ ᠦᠶ᠋ᠯᠡᠳᠬᠦᠨ ᠤ ᠭᠤᠤᠯ ᠲᠦᠭᠦᠬᠡᠶ ᠮᠠᠲ᠋ᠧᠷᠢᠶᠠᠯ ᠪᠣᠯᠤᠨ᠎ᠠ ᠂ ᠲᠡᠭᠦᠨ ᠤ ᠬᠡᠯᠪᠡᠷᠢ ᠳᠦᠷᠰᠦ᠂ ᠥᠩᠭᠡ ᠪᠤᠳᠤᠭ ᠨᠢ ᠣᠨᠴᠠᠭᠠᠶ᠂ ᠰᠢᠮ᠎ᠡ ᠲᠡᠵᠢᠭᠡᠯ ᠡᠯᠪᠡᠭ ᠪᠥᠭᠡᠳ ᠨᠡᠯᠢᠶᠡᠳ ᠬᠤᠪᠣᠷ ᠨᠠᠨᠳᠢᠨ ᠪᠣᠯᠬᠤᠷ ︽ᠠᠮᠤ ᠪᠤᠳᠠᠭᠠᠨ ᠤ ᠰᠤᠪᠤᠳ︾ ᠬᠡᠮᠡᠭᠳᠡᠵᠦ᠂ ᠪᠥᠬᠦ ᠤᠯᠤᠰ ᠤᠨ ᠡᠯ᠎ᠡ ᠭᠠᠵᠠᠷ ᠤᠨ ᠬᠦᠷᠢᠶᠡᠯᠡᠯ ᠢ ᠶᠡᠬᠡᠳᠡ ᠣᠯᠵᠠᠶ᠃ᠶᠦᠨ ᠳ᠋ᠧᠦ ᠪᠤᠷᠴᠠᠭ     ᠤᠯᠠᠭᠠᠨᠴᠠᠪ ᠬᠤᠲᠠ ᠠᠴᠠ ᠵᠢᠯ ᠳᠤ 500 ᠲᠦᠮᠡᠨ ᠺᠢᠯᠣᠭ᠍ᠷᠠᠮ ᠱᠣᠰᠢ ᠭᠠᠷᠳᠠᠭ᠂ ᠭᠤᠤᠯ ᠲᠥᠷᠥᠯ ᠵᠦᠶ᠋ᠯ ᠨᠢ ᠴᠡᠪᠡᠷ ᠤᠯᠠᠭᠠᠨ ᠱᠣᠰᠢ ᠪᠠ ᠬᠤᠯᠢᠮᠠᠭ ᠱᠣᠰᠢ ᠪᠣᠯᠤᠨ᠎ᠠ᠂ ᠱᠣᠰᠢ ᠳᠤ ᠴᠠᠷᠳᠠᠭᠤᠯ ᠨᠡᠯᠢᠶᠡᠳ ᠠᠷᠪᠢᠨ᠂ ᠰᠢᠮ᠎ᠡ ᠲᠡᠵᠢᠭᠡᠯ ᠡᠯᠪᠡᠭ᠂ ᠥᠪᠡᠷᠮᠢᠴᠡ ᠠᠩᠬᠢᠯᠤᠮ᠎ᠠ ᠦᠨᠦᠷ ᠲᠠᠢ ᠪᠠᠶᠢᠳᠠᠭ᠃ ᠱᠣᠰᠢ ᠳᠤ ᠪᠠᠰᠠ ᠵᠣᠬᠢᠬᠤ ᠬᠡᠮᠵᠢᠶᠡᠨ ᠤ ᠡᠮ ᠤᠨ ᠦᠶ᠋ᠯᠡᠳᠦᠯ ᠲᠠᠢ᠂ ᠰᠢᠨᠵᠢ ᠴᠢᠨᠠᠷ ᠨᠢ ᠠᠮᠲᠠᠯᠢᠭ᠂ ᠪᠦᠯᠢᠶᠡᠨ ᠤ ᠳᠤᠮᠳᠠ ᠳᠣᠤᠷ᠎ᠠ ᠬᠡᠶ᠂ ᠬᠤᠳᠣᠭᠤᠳᠣ ᠭᠡᠳᠡᠰᠦᠨ ᠳᠤ ᠲᠤᠰᠠᠲᠠᠶ ᠵᠡᠷᠭᠡ ᠦᠶ᠋ᠯᠡᠳᠦᠯ ᠲᠠᠢ᠂ ᠨᠢᠭᠡ ᠵᠦᠶ᠋ᠯ ᠤᠨ ᠰᠢᠮ᠎ᠡ ᠲᠡᠵᠢᠭᠡᠯ ᠨᠥᠬᠦᠪᠥᠷᠢᠯᠡᠬᠦ ᠡᠳ᠋ ᠪᠣᠯᠤᠨ᠎ᠠ᠃ᠼᠠᠨᠳᠧᠦ ᠪᠤᠷᠴᠠᠭ     ᠤᠯᠠᠭᠠᠨᠴᠠᠪ ᠬᠤᠲᠠ ᠶᠢᠨ ᠵᠢᠯ ᠳᠤ ᠼᠠᠨᠳᠧᠦ ᠪᠤᠷᠴᠠᠭ 1000 ᠭᠠᠷᠤᠶ ᠲᠦᠮᠡᠨ ᠺᠢᠯᠣᠭ᠍ᠷᠠᠮ᠂ ᠮᠢᠩᠭᠠᠨ ᠮᠥᠬᠦᠯᠢᠭ ᠬᠦᠨᠳᠦ 800 ᠭᠷᠠᠮ ᠣᠷᠴᠢᠮ ᠭᠠᠷᠳᠠᠭ᠂ ᠡᠭᠦᠨ ᠳᠤ ᠨᠡᠯᠢᠶᠡᠳ ᠥᠨᠳᠥᠷ ᠴᠠᠷᠳᠠᠭᠤᠯ ᠪᠠ ᠰᠢᠪᠲᠦᠷᠲᠦ ᠬᠦᠴᠢᠯ ᠠᠭᠤᠯᠤᠭᠳᠠᠵᠤ᠂ ᠹᠤᠨ᠋ᠽᠢ ᠪᠠ ᠡᠯ᠎ᠡ ᠵᠦᠶ᠋ᠯ ᠤᠨ ᠪᠤᠷᠴᠠᠭ ᠤᠨ ᠲᠥᠷᠥᠯ ᠤᠨ ᠪᠦᠲᠦᠭᠡᠭᠳᠡᠬᠦᠨ ᠤ ᠭᠤᠤᠯ ᠲᠦᠭᠦᠬᠡᠶ ᠮᠠᠲ᠋ᠧᠷᠢᠶᠠᠯ ᠪᠣᠯᠤᠨ᠎ᠠ᠃ᠨᠠᠷᠢᠮᠤ ᠶᠢᠨ ᠪᠤᠳᠠᠭ᠎ᠠ     ᠤᠯᠠᠭᠠᠨᠴᠠᠪ ᠬᠤᠲᠠ ᠳᠤ ᠨᠠᠷᠢᠮᠤ ᠡᠯᠪᠡᠭ ᠭᠠᠷᠳᠠᠭ᠂ ᠵᠢᠯ ᠳᠤ 3600 ᠲᠦᠮᠡᠨ ᠺᠢᠯᠣᠭ᠍ᠷᠠᠮ ᠣᠷᠴᠢᠮ ᠭᠠᠷᠳᠠᠭ᠃ ᠲᠡᠭᠦᠨ ᠤ ᠪᠣᠯᠪᠠᠰᠤᠷᠠᠭᠤᠯᠤᠭᠰᠠᠨ ᠨᠠᠷᠢᠮᠤ ᠪᠣᠯ ᠬᠥᠮᠦᠰ ᠤᠨ ᠬᠠᠮᠤᠭ ᠤᠨ ᠳᠤᠷᠠᠲᠠᠶ ᠢᠳᠡᠭᠡᠨ᠃ ᠨᠠᠷᠢᠮᠤ ᠶᠢᠨ ᠰᠢᠮ᠎ᠡ ᠲᠡᠵᠢᠭᠡᠯ ᠨᠢ ᠪᠦᠷᠢᠨ ᠲᠡᠭᠦᠯᠳᠡᠷ᠂ ᠡᠯᠪᠡᠭ ᠪᠠᠶᠠᠯᠢᠭ ᠰᠢᠪᠲᠦᠷᠲᠦ ᠬᠦᠴᠢᠯ ᠠᠭᠤᠯᠵᠤ᠂ ᠪᠤᠳᠠᠭ᠎ᠠ ᠴᠢᠨᠠᠵᠤ ᠰᠢᠩᠭᠡᠨ ᠪᠤᠳᠠᠭ᠎ᠠ ᠴᠢᠨᠠᠬᠤ ᠭᠡᠰᠡᠨ ᠥᠬᠡᠶ ᠴᠥᠮ ᠬᠥᠮᠦᠨ ᠤ ᠪᠡᠶ᠎ᠡ ᠳᠤ ᠠᠮᠠᠷᠬᠠᠨ ᠰᠢᠩᠭᠡᠭᠡᠭᠳᠡᠳᠡᠭ᠂ ᠬᠥᠩᠭᠡᠵᠢᠭᠴᠢ᠂ ᠬᠡᠤᠬᠡᠳ ᠵᠢᠴᠢ ᠬᠥᠭᠰᠢᠨ ᠪᠠᠭᠤᠷᠠᠶ ᠡᠪᠡᠳᠴᠢᠲᠡᠨ ᠤ ᠰᠢᠮ᠎ᠡ ᠲᠡᠵᠢᠭᠡᠯ ᠰᠠᠶᠢᠲᠠᠶ ᠢᠳᠡᠭᠡᠨ ᠪᠣᠯᠬᠤᠷ ︽ᠢᠳᠡᠭᠡᠨ ᠤ ᠣᠷᠬᠤᠳᠠᠶ︾ ᠭᠡᠳᠡᠭ᠃
 
ᠢᠷᠡᠯᠲᠡ᠄ ᠰᠢᠩ ᠾᠧ ᠰᠢᠶᠠᠨ ᠤ ᠵᠠᠰᠠᠭ ᠤᠨ ᠣᠷᠳᠣᠨ ᠤ ᠬᠢᠲᠠᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3