ᠮᠠᠯ ᠡᠮᠨᠡᠯᠬᠡ ᠶᠢᠨ ᠲᠤᠪᠴᠢᠶ᠎ᠠ ᠠᠴᠠ ︽ᠴᠠᠭᠠᠨ ᠰᠠᠷ᠎ᠠ ᠶᠢᠨ ᠬᠤᠭᠤᠴᠠᠭᠠᠨ ᠳᠤ ᠶᠠᠳᠠᠭᠤ ᠬᠦᠴᠢᠷᠳᠡᠯᠲᠠᠢ ᠡᠷᠦᠬᠡ ᠶᠢ ᠲᠣᠬᠤᠨᠢᠭᠤᠯᠵᠣ᠂ ᠨᠠᠷᠢᠯᠢᠭ ᠣᠨᠣᠪᠴᠢᠲᠠᠢ ᠬᠠᠪᠰᠣᠷᠣᠨ ᠳᠡᠳᠬᠦᠬᠦ ᠠᠵᠢᠯᠯᠠᠭ᠎ᠠ ᠪᠠᠷ ᠬᠥᠮᠥᠰ ᠤᠨ ᠰᠡᠳᠬᠢᠯ ᠶᠢ ᠳᠤᠯᠠᠭᠠᠴᠠᠭᠤᠯᠬᠤ︾  ᠬᠦᠳᠡᠯᠭᠡᠭᠡᠨ ᠶᠢ ᠦᠷᠨᠢᠭᠦᠯᠪᠡ
ᠨᠡᠶᠢᠲᠡᠯᠡᠭᠰᠡᠨ ᠴᠠᠭ᠄
2019-01-25
      ᠶᠠᠳᠠᠭᠤ ᠬᠦᠴᠢᠷᠳᠡᠯᠲᠠᠢ ᠤᠯᠠᠨ ᠲᠦᠮᠡᠨ ᠢ ᠪᠠᠶᠠᠷ ᠪᠠᠶᠠᠰᠤᠯ ᠲᠠᠢ᠂ ᠦᠯᠵᠢ ᠪᠡᠯᠭᠡ ᠲᠠᠢ ᠴᠠᠭᠠᠨ ᠰᠠᠷ᠎ᠠ ᠥᠩᠭᠡᠷᠡᠭᠦᠯᠬᠦ ᠶᠢᠨ ᠲᠦᠯᠦᠭᠡ᠂ 1 ᠰᠠᠷ᠎ᠠ ᠶᠢᠨ 21 ᠤ ᠡᠳᠦᠷ᠂ ᠰᠢᠶᠠᠨ ᠤ ᠮᠠᠯ ᠡᠮᠨᠡᠯᠬᠡ ᠶᠢᠨ ᠲᠤᠪᠴᠢᠶ᠎ᠠ ᠨᠢ ᠴᠠᠭᠠᠨ ᠰᠠᠷ᠎ᠠ ᠶᠢᠨ ᠬᠤᠭᠤᠴᠠᠭᠠᠨ ᠳᠤ ᠶᠠᠳᠠᠭᠤ ᠬᠦᠴᠢᠷᠳᠡᠯᠲᠠᠢ ᠡᠷᠦᠬᠡ ᠶᠢ ᠲᠤᠬᠤᠨᠢᠭᠤᠯᠬᠤ ᠬᠦᠳᠡᠯᠭᠡᠭᠡᠨ ᠢ ᠦᠷᠨᠢᠭᠦᠯᠦᠨ᠂ ᠳ᠋ᠢᠶᠠᠨᠽᠢ ᠪᠠᠯᠭᠠᠰᠦ ᠶᠢᠨ ᠡᠯ ᠳ᠋ᠤᠤ ᠶᠢᠩ ᠲᠤᠰᠬᠤᠨ ᠪᠠ ᠰᠢ ᠸᠠᠨ ᠬᠤᠶᠠᠷ ᠲᠤᠰᠬᠤᠨ ᠤ ᠪᠠᠶᠢᠩᠭᠤ ᠰᠠᠭᠤᠭ᠎ᠠ ᠶᠠᠳᠠᠭᠤ ᠬᠦᠴᠢᠷᠳᠡᠯᠲᠠᠢ ᠡᠷᠦᠬᠡ ᠪᠣᠯᠣᠨ ᠡᠩ ᠶᠢᠨ ᠡᠷᠦᠬᠡ ᠨᠡᠶᠢᠲᠡ 392 ᠡᠷᠦᠬᠡ ᠳᠤ ᠰᠢᠨ᠎ᠡ ᠵᠢᠯ ᠤᠨ ᠮᠡᠨᠳᠦᠴᠢᠯᠡᠯ ᠵᠢᠴᠢ ᠬᠦᠰᠡᠯ ᠵᠥᠩᠨᠡᠯ ᠢᠶᠠᠨ ᠳᠡᠪᠰᠢᠭᠦᠯᠪᠡ᠃
      ᠡᠷᠭᠢᠨ ᠦᠵᠡᠵᠦ ᠲᠣᠬᠤᠨᠢᠭᠤᠯᠬᠤ ᠶᠠᠪᠣᠴᠠ ᠳᠤ᠂ ᠮᠠᠯ ᠡᠮᠨᠡᠯᠬᠡ ᠶᠢᠨ ᠲᠣᠪᠴᠢᠶᠠᠨ ᠤ ᠬᠠᠪᠰᠤᠷᠤᠨ ᠳᠡᠳᠬᠦᠬᠦ ᠬᠠᠷᠢᠭᠤᠴᠠᠯᠭᠠᠲᠠᠳ ᠶᠠᠳᠠᠭᠤ ᠬᠦᠴᠢᠷᠳᠡᠯᠲᠠᠢ ᠣᠯᠠᠨ ᠲᠦᠮᠡᠨ ᠲᠠᠢ ᠳᠣᠲᠣᠨᠣ ᠶᠠᠷᠢᠯᠴᠠᠨ᠂ ᠬᠠᠯᠠᠮᠵᠢᠯᠠᠨ ᠠᠰᠠᠭᠤᠵᠣ᠂ ᠲᠡᠳᠡᠨᠦᠰ ᠤᠨ ᠭᠡᠷ ᠪᠦᠯᠢ ᠶᠢᠨ ᠠᠮᠢᠳᠣᠷᠠᠯ ᠤᠨ ᠪᠠᠶᠢᠳᠠᠯ ᠢ ᠨᠠᠷᠢᠯᠢᠭ ᠣᠶᠢᠯᠠᠭᠠᠨ᠂  ᠵᠣᠷᠢᠭᠲᠠᠢ ᠪᠠᠷ  ᠪᠡᠷᠬᠡᠰᠢᠶᠡᠯ ᠳᠤ ᠬᠠᠨᠳᠣᠨ᠂ ᠠᠮᠢᠳᠣᠷᠠᠯ ᠳᠤ ᠪᠠᠨ ᠢᠳᠡᠬᠡᠯ ᠵᠣᠷᠢᠭ ᠳᠦᠭᠦᠷᠡᠩ ᠪᠠᠶᠢᠵᠦ  ᠂ ᠡᠷᠲᠡ ᠨᠢᠭᠡᠨ ᠡᠳᠦᠷ ᠶᠠᠳᠠᠭᠤ ᠠᠴᠠ ᠠᠩᠵᠢᠷᠠᠨ ᠴᠢᠨᠡᠭᠡᠯᠢᠭ ᠪᠣᠯᠬᠤ ᠶᠢ ᠵᠣᠷᠢᠭᠵᠢᠭᠤᠯᠪᠠ᠃
      ᠲᠣᠰ ᠣᠳᠠᠭᠠᠨ ᠤ ᠲᠣᠬᠤᠨᠢᠭᠤᠯᠬᠤ ᠬᠦᠳᠡᠯᠭᠡᠭᠡᠨ ᠨᠢ ᠡᠷᠦᠬᠡ ᠪᠣᠯᠭᠠᠨ ᠳᠤ ᠨᠢᠭᠡ ᠣᠭᠤᠲᠠ ᠳᠣᠲᠣᠷᠭ᠎ᠠ ᠬᠦᠷᠬᠡᠨ ᠦᠭᠭᠦᠭᠰᠡᠨ ᠳᠤ᠂ ᠶᠠᠳᠠᠭᠤ ᠬᠦᠴᠢᠷᠳᠡᠯ ᠲᠠᠢ ᠭᠡᠷ ᠪᠦᠯᠢ ᠶᠢᠨ ᠬᠢᠨᠢ ᠮᠠᠯ ᠡᠮᠨᠡᠯᠬᠡ ᠶᠢᠨ ᠲᠣᠪᠴᠢᠶᠠᠨ ᠤ ᠬᠠᠯᠠᠮᠵᠢᠯᠠᠯ ᠳᠤ ᠪᠠᠶᠠᠷᠯᠠᠭᠰᠠᠨ ᠢᠶᠠᠨ ᠢᠯᠡᠳᠬᠡᠵᠦ᠂  ᠲᠡᠳᠡᠨᠥᠰ ᠬᠠᠪᠰᠤᠷᠤᠨ ᠳᠡᠳᠬᠦᠬᠦ ᠬᠠᠷᠢᠭᠤᠴᠠᠯᠭᠠᠲᠠᠳ ᠤᠨ ᠬᠠᠪᠰᠣᠷᠣᠯᠭ᠎ᠠ ᠳᠣᠣᠷ᠎ᠠ᠂ ᠴᠢᠷᠮᠠᠶᠢᠨ ᠠᠵᠢᠯᠯᠠᠵᠣ᠂  ᠡᠷᠲᠡ ᠨᠢᠭᠡᠨ ᠡᠳᠦᠷ ᠶᠠᠳᠠᠭᠤ ᠠᠴᠠ ᠠᠩᠵᠢᠷᠠᠨ ᠴᠢᠨᠡᠭᠡᠯᠢᠭ ᠪᠣᠯᠬᠤ ᠵᠣᠷᠢᠭ ᠢᠶᠠᠨ ᠢᠯᠡᠷᠬᠡᠶᠢᠯᠡᠪᠠ᠃                                                        ᠤᠷᠴᠢᠭᠤᠯᠤᠭᠴᠢ᠄ ᠰᠣᠷᠭᠤᠭ
 
ᠢᠷᠡᠯᠲᠡ᠄ ᠰᠢᠩ ᠾᠧ ᠰᠢᠶᠠᠨ ᠤ ᠵᠠᠰᠠᠭ ᠤᠨ ᠤᠷᠳᠤᠨ ᠤ ᠬᠢᠲᠠᠳ ᠲᠤᠤᠷ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3