ᠰᠢᠬᠢᠷ ᠡᠪᠡᠰᠦ ᠶᠢᠨ ᠦᠨᠦᠷ ᠨᠢ ᠰᠢᠬᠢᠷᠯᠢᠭ ᠮᠥᠷᠲᠡᠭᠡᠨ ᠣᠨᠴᠠᠭᠠᠶ᠂ ᠦᠨᠳᠦᠰᠦ ᠨᠢ ᠪᠥᠭᠡᠷᠡᠩᠬᠡᠶ ᠪᠠᠭᠠᠨ᠎ᠠ | ᠬᠡᠯᠪᠡᠷᠢᠲᠡᠶ᠂ ᠣᠷᠳᠣ ᠨᠢ 25100 cm᠂ ᠳ᠋ᠢᠶᠠᠮᠧᠲᠷ ᠨᠢ 0 . 63 . 5 cm᠃ ᠥᠩᠭᠡᠨ ᠲᠠᠯ᠎ᠠ ᠨᠢ ᠤᠯᠠᠭᠠᠨ | ᠬᠦᠷᠡᠩ ᠪᠤᠶᠤ ᠪᠣᠷᠣ ᠬᠦᠷᠡᠩ ᠥᠩᠭᠡ ᠲᠠᠢ᠂ ᠢᠯᠡᠷᠬᠡᠶ ᠭᠤᠯᠳᠤ ᠠᠲᠤᠷᠢᠶ᠎ᠠ᠂ ᠬᠤᠪᠢᠯ᠂ ᠠᠷᠠᠰᠤᠨ ᠨᠦᠬᠡ ᠵᠢᠴᠢ ᠰᠡᠶᠢᠷᠡᠭ | ᠨᠠᠷᠢᠨ ᠦᠨᠳᠦᠰᠦ ᠶᠢᠨ ᠣᠷᠣᠮ ᠲᠠᠢ᠃ ᠴᠢᠨᠠᠷ ᠨᠢ ᠪᠠᠲᠤ ᠪᠠᠬᠢ᠂ ᠣᠭᠲᠣᠯᠤᠭᠠᠰᠤ ᠨᠢ ᠵᠢᠭᠠᠬᠠᠨ ᠰᠢᠷᠬᠡᠭᠯᠢᠭ ᠤᠨ ᠴᠢᠨᠠᠷᠲᠠᠶ᠂ | ᠰᠢᠷ᠎ᠠ ᠴᠠᠭᠠᠨ᠂ ᠨᠤᠨᠲᠠᠭ ᠤᠨ ᠴᠢᠨᠠᠷᠲᠠᠶ᠂ ᠵᠤᠯᠤᠮ᠎ᠠ ᠶᠢᠨ ᠴᠠᠭᠠᠷᠢᠭ ᠨᠢ ᠢᠯᠡᠷᠬᠡᠶ᠂ ᠰᠠᠴᠤᠷᠠᠭ ᠤᠨ ᠰᠠᠴᠤᠷᠠᠭ | ᠬᠡᠯᠪᠡᠷᠢ ᠲᠠᠢ᠂ ᠵᠠᠷᠢᠮ ᠨᠢ ᠵᠠᠪᠰᠠᠷ ᠲᠠᠢ᠃ ᠦᠨᠳᠦᠰᠦᠯᠢᠭ ᠡᠰᠢ ᠶᠢᠨ ᠭᠠᠳᠠᠷᠭᠤ ᠳᠤ ᠨᠠᠬᠢᠶᠠᠨ ᠤ ᠣᠷᠣᠮ ᠲᠠᠢ᠂ | ᠣᠭᠲᠣᠯᠤᠭᠠᠰᠤ ᠶᠢᠨ ᠳᠤᠮᠳᠠ ᠬᠡᠰᠡᠭ ᠲᠤ ᠴᠢᠮᠥᠭᠡ ᠲᠠᠢ᠃ ᠭᠤᠣᠯᠳᠠᠭᠤ ᠬᠠᠯᠠᠭᠤᠨ ᠢ ᠠᠷᠢᠯᠭᠠᠵᠤ ᠬᠤᠣᠷ ᠢ ᠲᠠᠶᠢᠯᠬᠤ᠂ | ᠴᠡᠷ ᠢ ᠠᠷᠢᠯᠭᠠᠵᠤ ᠬᠠᠨᠢᠶᠠᠳᠤ ᠶᠢ ᠵᠣᠭᠰᠣᠭᠠᠬᠤ᠂ ᠬᠡᠪᠡᠯᠢ ᠶᠢ ᠴᠢᠮᠬᠢᠬᠦ ᠵᠡᠷᠭᠡ ᠶᠢ ᠵᠠᠰᠠᠨ᠎ᠠ᠃ ᠰᠢᠬᠢᠷ ᠡᠪᠡᠰᠦ ᠨᠢ ︽ | ᠤᠯᠤᠰ ᠤᠨ ᠡᠮ ᠤᠨ ᠦᠨᠳᠦᠰᠦ︾ ᠬᠡᠮᠡᠭᠳᠡᠵᠦ᠂ ︽ᠠᠷᠪᠠᠨ ᠵᠦᠭ ᠶᠢᠰᠦᠨ ᠡᠪᠡᠰᠦ︾ ᠭᠡᠰᠡᠨ ᠰᠠᠶᠢᠬᠠᠨ ᠠᠯᠳᠠᠷᠲᠠᠶ᠂ | ᠦᠨᠳᠦᠰᠦ ᠪᠠ ᠦᠨᠳᠦᠰᠦᠯᠢᠭ ᠡᠰᠢ ᠨᠢ ᠡᠮ ᠳᠤ ᠬᠠᠩᠭᠠᠵᠤ᠂ ᠶᠡᠷᠦ ᠠᠴᠠ ᠶᠡᠭᠡ ᠬᠡᠮᠵᠢᠶ᠎ᠡ ᠪᠠᠷ ᠡᠮᠴᠢᠯᠡᠭᠡᠨ ᠤ | ᠨᠠᠶᠢᠷᠠᠯᠭ᠎ᠠ ᠳᠤ ᠬᠡᠷᠡᠭᠯᠡᠵᠦ ᠪᠠᠶᠢᠬᠤ ᠶᠢᠨ ᠬᠠᠮᠲᠤ᠂ ᠰᠢᠬᠢᠷ ᠡᠪᠡᠰᠦ ᠠᠴᠠ ᠭᠠᠷᠭᠠᠨ ᠠᠪᠤᠭᠰᠠᠨ ᠪᠣᠳᠠᠰ ᠨᠢ ᠥᠷᠭᠡᠨ | ᠬᠡᠪᠴᠢᠶᠡᠨ ᠤ ᠠᠵᠤ ᠦᠶ᠋ᠯᠡᠳᠪᠦᠷᠢ᠂ ᠬᠢᠮᠢ ᠶᠢᠨ ᠠᠵᠤ ᠦᠶ᠋ᠯᠡᠳᠪᠦᠷᠢ ᠵᠡᠷᠭᠡ ᠬᠦᠷᠢᠶᠡᠨ ᠳᠤ ᠥᠷᠭᠡᠨ ᠢᠶᠠᠷ ᠬᠡᠷᠡᠭᠯᠡᠭᠳᠡᠵᠦ | ᠪᠠᠶᠢᠬᠤ ᠪᠥᠭᠡᠳ ᠶᠡᠭᠡ ᠬᠡᠮᠵᠢᠶ᠎ᠡ ᠪᠠᠷ ᠭᠠᠳᠠᠭᠠᠳᠤ ᠳᠤ ᠭᠠᠷᠭᠠᠵᠤ ᠪᠠᠶᠢᠨ᠎ᠠ᠃ ᠰᠢᠬᠢᠷ ᠡᠪᠡᠰᠦ ᠣᠯᠠᠩᠬᠢ ᠳᠠᠭᠠᠨ ᠭᠠᠩ | ᠬᠠᠭᠤᠷᠠᠶ᠂ ᠬᠠᠭᠠᠰ ᠭᠠᠩ ᠬᠠᠭᠤᠷᠠᠶ ᠴᠦᠯᠯᠡᠷᠭᠡᠭ ᠨᠤᠲᠤᠭ ᠪᠡᠯᠴᠢᠭᠡᠷ᠂ ᠡᠯᠡᠰᠦᠨ ᠴᠥᠯ ᠤᠨ ᠬᠥᠪᠡᠭᠡ ᠵᠠᠬ᠎ᠠ ᠪᠠ ᠰᠢᠷ᠎ᠠ | ᠬᠥᠷᠥᠰᠥᠲᠦ ᠳᠣᠪᠣᠷᠬᠠᠭ ᠭᠠᠵᠠᠷ ᠲᠤ ᠤᠷᠭᠤᠳᠠᠭ᠂ ᠤᠯᠠᠭᠠᠨᠴᠠᠪ ᠬᠤᠲᠠ ᠶᠢᠨ ᠥᠪᠡᠷᠮᠢᠴᠡ ᠠᠭᠤᠷ ᠠᠮᠢᠰᠬᠤᠯ ᠪᠠ | ᠬᠥᠷᠥᠰᠥ ᠰᠢᠷᠣᠶ ᠶᠢᠨ ᠡᠬᠢ ᠪᠠᠶᠠᠯᠢᠭ ᠤᠨ ᠳᠠᠪᠠᠭᠤᠯᠢᠭ ᠠᠴᠠ ᠪᠣᠯᠵᠣ᠂ ᠰᠢᠬᠢᠷ ᠡᠪᠡᠰᠦ ᠳᠠᠷᠢᠬᠤ ᠶᠢ ᠬᠥᠭᠵᠢᠭᠦᠯᠬᠦ ᠳᠤ | ᠮᠠᠰᠢ ᠲᠣᠬᠢᠷᠠᠮᠵᠢᠲᠠᠶ ᠪᠠᠶᠢᠵᠤ᠂ ᠣᠶᠢᠷ᠎ᠠ ᠶᠢᠨ ᠵᠢᠯ ᠳᠤ ᠲᠣᠰ ᠠᠵᠤ ᠦᠶ᠋ᠯᠡᠰ ᠲᠦᠷᠭᠡᠨ ᠬᠥᠭᠵᠢᠪᠡ᠃ |