ᠬᠠᠭᠤᠷᠤᠭᠰᠠᠨ ᠪᠤᠳᠠᠭ᠎ᠠ
ᠨᠡᠶᠢᠲᠡᠯᠡᠭᠰᠡᠨ ᠴᠠᠭ᠄
2022/12/10
    ᠵᠠᠷᠢᠮ ᠬᠥᠮᠦᠨ ᠤ ᠬᠡᠯᠡᠬᠦ ᠪᠤᠤᠪᠣᠯ ᠳᠤᠮᠳᠠᠳᠤ ᠤᠯᠤᠰ ᠠᠴᠠ ᠬᠠᠮᠤᠭ ᠡᠷᠲᠡᠨ ᠤ ᠳᠥᠭᠦᠮ ᠢᠳᠡᠭᠡᠨ ᠭᠡᠨ᠎ᠡ᠃ ︽ᠬᠠᠮᠤᠭ ᠡᠷᠲᠡ︾ ᠤᠤ ᠦᠭᠡᠢ ᠤᠤ᠂ ᠲᠦᠷ ᠨᠡᠬᠡᠮᠵᠢᠯᠡᠬᠦ ᠦᠭᠡᠢ᠂ ᠭᠡᠪᠡᠴᠦ ᠡᠭᠦᠨ ᠠᠴᠠ ᠡᠰᠢ ᠲᠠᠲᠠᠭᠰᠠᠨ ᠰᠡᠳᠦᠪ ᠬᠠᠷᠢᠨ ᠮᠠᠰᠢ ᠰᠣᠨᠢᠷᠬᠠᠯᠲᠠᠶ᠃ ᠬᠠᠭᠤᠷᠤᠭᠰᠠᠨ ᠪᠤᠳᠠᠭ᠎ᠠ ᠪᠣᠯ ᠲᠠᠯ᠎ᠠ ᠨᠤᠲᠤᠭ ᠤᠨ ᠮᠠᠯᠴᠢᠳ ᠤᠨ ᠡᠳᠦᠷ ᠲᠤᠳᠤᠮ ᠤᠨ ᠭᠤᠣᠯ ᠢᠳᠡᠭᠡᠨ ᠤ ᠨᠢᠭᠡ ᠪᠣᠯᠤᠨ᠎ᠠ᠃ ᠮᠣᠩᠭᠤᠯᠴᠤᠳ ᠨᠢᠭᠡ ᠡᠳᠦᠷ ᠴᠠᠢ ᠦᠭᠡᠢ᠂ ᠪᠠᠰᠠ ᠨᠢᠭᠡ ᠡᠳᠦᠷ ᠬᠠᠭᠤᠷᠤᠭᠰᠠᠨ ᠪᠤᠳᠠᠭ᠎ᠠ ᠦᠭᠡᠢ ᠪᠠᠶᠢᠵᠤ ᠪᠣᠯᠬᠤ ᠦᠭᠡᠢ᠃ ᠵᠣᠴᠢᠨ ᠭᠡᠷ ᠲᠤ ᠢᠷᠡᠪᠡᠯ᠂ ᠵᠣᠴᠢᠨᠰᠠᠭ ᠮᠣᠩᠭᠤᠯ ᠬᠥᠮᠦᠨ ᠶᠡᠷᠦ ᠨᠢ ᠰᠦ᠋ ᠲᠠᠢ ᠴᠠᠢ᠂ ᠥᠷᠥᠮ᠎ᠠ᠂ ᠬᠤᠷᠤᠳ᠂ ᠰᠢᠷ᠎ᠠ ᠲᠤᠰᠤ ᠵᠡᠷᠭᠡ ᠶᠢ ᠳᠠᠭᠠᠯᠳᠤᠭᠤᠯᠤᠨ ᠰᠢᠷᠡᠭᠡᠨ ᠳᠡᠭᠡᠷ᠎ᠡ ᠨᠢᠭᠡ ᠠᠶᠠᠭ᠎ᠠ ᠰᠢᠷ᠎ᠠ ᠵᠦᠷᠵᠢ ᠲᠠᠢ ᠬᠠᠭᠤᠷᠤᠭᠰᠠᠨ ᠪᠤᠳᠠᠭ᠎ᠠ ᠲᠠᠯᠪᠢᠳᠠᠭ᠃    ᠬᠠᠭᠤᠷᠤᠭᠰᠠᠨ ᠪᠤᠳᠠᠭ᠎ᠠ ᠪᠣᠯ ᠮᠣᠩᠭᠤᠯ ᠦᠨᠳᠦᠰᠦᠲᠡᠨ ᠤ ᠤᠯᠠᠮᠵᠢᠯᠠᠯᠲᠤ ᠠᠮᠲᠠᠲᠤ ᠢᠳᠡᠭᠡᠨ ᠪᠥᠭᠡᠳ ᠥᠨᠢ ᠤᠳᠠᠭᠠᠨ ᠲᠡᠦᠬᠡ ᠲᠠᠢ ᠶᠤᠮ᠃ ᠲᠡᠦᠬᠡᠨ ᠰᠤᠷᠪᠤᠯᠵᠢ ᠪᠢᠴᠢᠭ ᠲᠤ ᠲᠡᠮᠳᠡᠭᠯᠡᠭᠰᠡᠨ ᠢᠶᠠᠷ᠂ ᠠᠯᠢ ᠡᠷᠲᠡ ᠬᠠᠨ ᠤᠯᠤᠰ ᠤᠨ ᠦᠶ᠎ᠡ ᠳᠤ ᠮᠣᠩᠭᠤᠯ ᠠᠮᠤ ᠶᠢ ᠴᠢᠨᠠᠬᠤ᠂ ᠬᠠᠭᠤᠷᠬᠤ᠂ ᠲᠡᠭᠡᠷᠮᠡᠳᠡᠬᠦ ᠵᠡᠷᠭᠡ ᠠᠷᠭ᠎ᠠ ᠪᠠᠷ ᠪᠣᠯᠪᠠᠰᠤᠷᠠᠭᠤᠯᠵᠤ ᠪᠠᠶᠢᠭᠰᠠᠨ ᠪᠥᠭᠡᠳ ᠰᠦᠩ ᠤᠯᠤᠰ ᠤᠨ ᠰᠡᠭᠦᠯᠴᠢ᠂ ᠶᠤᠸᠠᠨ ᠤᠯᠤᠰ ᠤᠨ ᠡᠬᠢ ᠪᠣᠯᠬᠤ ᠳᠤ ᠮᠣᠩᠭᠤᠯᠴᠤᠳ ᠬᠠᠭᠤᠷᠤᠭᠰᠠᠨ ᠠᠮᠤ ᠶᠢ ᠥᠷᠭᠡᠨ ᠢᠶᠠᠷ ᠢᠳᠡᠵᠦ ᠡᠬᠢᠯᠡᠪᠡ᠃     ᠬᠠᠭᠤᠷᠤᠭᠰᠠᠨ ᠪᠤᠳᠠᠭ᠎ᠠ ᠪᠣᠯ ᠮᠣᠩᠭᠤᠯ ᠠᠮᠤ ᠶᠢ ᠴᠢᠨᠠᠬᠤ᠂ ᠬᠠᠭᠤᠷᠬᠤ᠂ ᠲᠡᠭᠡᠷᠮᠡᠳᠡᠬᠦ ᠵᠡᠷᠭᠡ ᠪᠠᠷ ᠬᠢᠳᠡᠭ᠃ ᠤᠷᠢᠳ ᠢᠶᠠᠷ ᠤᠬᠢᠶᠠᠨ ᠴᠡᠪᠡᠷᠯᠡᠵᠦ᠂ ᠬᠤᠯᠢᠴᠠ ᠲᠠᠢ ᠠᠮᠤ ᠶᠢ ᠲᠣᠭᠤᠭᠠᠨ ᠳᠤ ᠬᠢᠵᠦ ᠪᠤᠴᠠᠯᠭᠠᠨ᠎ᠠ᠂ ᠠᠮᠤ ᠶᠢᠨ ᠠᠮᠠ ᠶᠢ ᠬᠠᠭᠠᠯᠤᠭᠰᠠᠨ ᠤ ᠳᠠᠷᠠᠭ᠎ᠠ᠂ ᠳᠣᠣᠷ᠎ᠠ ᠨᠢ ᠲᠣᠭᠤᠭᠠᠨ ᠠᠴᠠ ᠭᠠᠷᠭᠠᠵᠤ ᠬᠠᠳᠠᠭᠠᠭᠰᠠᠨ ᠤ ᠳᠠᠷᠠᠭ᠎ᠠ᠂ ᠬᠠᠭᠤᠷᠴᠤ ᠪᠤᠯᠭᠤᠨ᠎ᠠ᠂ ᠬᠠᠭᠤᠷᠬᠤ ᠲᠣᠭᠤᠭᠠᠨ ᠳᠤ ᠴᠡᠪᠡᠷ ᠨᠠᠷᠢᠨ ᠡᠯᠡᠰᠦ ᠪᠣᠯᠤᠨ ᠠᠮᠤ ᠶᠢ ᠬᠤᠯᠢᠨ᠎ᠠ᠃ ᠢᠩᠭᠢᠵᠦ ᠬᠠᠭᠤᠷᠠᠭᠰᠠᠨ ᠪᠤᠳᠠᠭ᠎ᠠ ᠬᠠᠲᠠᠭᠤ᠂ ᠵᠠᠵᠢᠯᠪᠤᠷᠢ ᠲᠠᠢ᠂ ᠮᠣᠩᠭᠤᠯ ᠬᠥᠮᠦᠨ ᠤ ᠳᠤᠷᠠᠲᠠᠶ ᠠᠮᠲᠠ᠃ ᠭᠡᠪᠡᠴᠦ ᠠᠮᠠ ᠪᠠᠨ ᠬᠠᠭᠠᠷᠠᠲᠠᠯ᠎ᠠ ᠬᠠᠭᠤᠷᠠᠭᠰᠠᠨ ᠦᠭᠡᠢ ᠬᠠᠭᠤᠷᠠᠭᠰᠠᠨ ᠪᠤᠳᠠᠭ᠎ᠠ ᠨᠢ ᠵᠥᠭᠡᠯᠡᠨ᠂ ᠬᠠᠵᠠᠬᠤ ᠳᠤ ᠠᠮᠠᠷᠬᠠᠨ ᠪᠣᠯᠪᠠᠴᠤ ᠵᠠᠵᠢᠯᠬᠤ ᠳᠠᠭᠠᠨ ᠰᠠᠶᠢᠨ ᠪᠢᠰᠢ ᠪᠣᠯᠬᠤᠷ ᠲᠤᠬᠠᠶ ᠶᠢᠨ ᠭᠠᠵᠠᠷ ᠤᠨ ᠬᠥᠮᠦᠰ ᠲᠡᠭᠦᠨ ᠢ ︽ᠬᠢᠲᠠᠳ ᠬᠠᠭᠤᠷᠠᠭᠰᠠᠨ ᠪᠤᠳᠠᠭ᠎ᠠ︾ ᠭᠡᠳᠡᠭ᠃ ᠬᠠᠮᠤᠭ ᠰᠡᠬᠦᠯ ᠳᠤ᠂ ᠬᠠᠭᠤᠷᠤᠭᠰᠠᠨ ᠪᠤᠳᠠᠭ᠎ᠠ ᠪᠠᠨ ᠴᠢᠯᠠᠭᠤ ᠪᠠᠷ ᠲᠡᠭᠡᠷᠮᠡᠳᠡᠵᠦ ᠬᠠᠯᠢᠰᠤ ᠶᠢ ᠨᠢ ᠠᠪᠴᠤ᠂ ᠢᠳᠡᠵᠦ ᠪᠣᠯᠳᠠᠭ᠃     ᠬᠠᠭᠤᠷᠤᠭᠰᠠᠨ ᠪᠤᠳᠠᠭ᠎ᠠ ᠪᠣᠯ ᠮᠣᠩᠭᠤᠯ ᠠᠮᠤ ᠶᠢ ᠴᠢᠨᠠᠬᠤ᠂ ᠬᠠᠭᠤᠷᠬᠤ᠂ ᠲᠡᠭᠡᠷᠮᠡᠳᠡᠬᠦ ᠵᠡᠷᠭᠡ ᠪᠠᠷ ᠬᠢᠳᠡᠭ᠃ ᠤᠷᠢᠳ ᠢᠶᠠᠷ ᠤᠬᠢᠶᠠᠨ ᠴᠡᠪᠡᠷᠯᠡᠵᠦ᠂ ᠬᠤᠯᠢᠴᠠ ᠲᠠᠢ ᠠᠮᠤ ᠶᠢ ᠲᠣᠭᠤᠭᠠᠨ ᠳᠤ ᠬᠢᠵᠦ ᠪᠤᠴᠠᠯᠭᠠᠨ᠎ᠠ᠂ ᠠᠮᠤ ᠶᠢᠨ ᠠᠮᠠ ᠶᠢ ᠬᠠᠭᠠᠯᠤᠭᠰᠠᠨ ᠤ ᠳᠠᠷᠠᠭ᠎ᠠ᠂ ᠳᠣᠣᠷ᠎ᠠ ᠨᠢ ᠲᠣᠭᠤᠭᠠᠨ ᠠᠴᠠ ᠭᠠᠷᠭᠠᠵᠤ ᠬᠠᠳᠠᠭᠠᠭᠰᠠᠨ ᠤ ᠳᠠᠷᠠᠭ᠎ᠠ᠂ ᠬᠠᠭᠤᠷᠴᠤ ᠪᠤᠯᠭᠤᠨ᠎ᠠ᠂ ᠬᠠᠭᠤᠷᠬᠤ ᠲᠣᠭᠤᠭᠠᠨ ᠳᠤ ᠴᠡᠪᠡᠷ ᠨᠠᠷᠢᠨ ᠡᠯᠡᠰᠦ ᠪᠣᠯᠤᠨ ᠠᠮᠤ ᠶᠢ ᠬᠤᠯᠢᠨ᠎ᠠ᠃ ᠢᠩᠭᠢᠵᠦ ᠬᠠᠭᠤᠷᠠᠭᠰᠠᠨ ᠪᠤᠳᠠᠭ᠎ᠠ ᠬᠠᠲᠠᠭᠤ᠂ ᠵᠠᠵᠢᠯᠪᠤᠷᠢ ᠲᠠᠢ᠂ ᠮᠣᠩᠭᠤᠯ ᠬᠥᠮᠦᠨ ᠤ ᠳᠤᠷᠠᠲᠠᠶ ᠠᠮᠲᠠ᠃ ᠭᠡᠪᠡᠴᠦ ᠠᠮᠠ ᠪᠠᠨ ᠬᠠᠭᠠᠷᠠᠲᠠᠯ᠎ᠠ ᠬᠠᠭᠤᠷᠠᠭᠰᠠᠨ ᠦᠭᠡᠢ ᠬᠠᠭᠤᠷᠠᠭᠰᠠᠨ ᠪᠤᠳᠠᠭ᠎ᠠ ᠨᠢ ᠵᠥᠭᠡᠯᠡᠨ᠂ ᠬᠠᠵᠠᠬᠤ ᠳᠤ ᠠᠮᠠᠷᠬᠠᠨ ᠪᠣᠯᠪᠠᠴᠤ ᠵᠠᠵᠢᠯᠬᠤ ᠳᠠᠭᠠᠨ ᠰᠠᠶᠢᠨ ᠪᠢᠰᠢ ᠪᠣᠯᠬᠤᠷ ᠲᠤᠬᠠᠶ ᠶᠢᠨ ᠭᠠᠵᠠᠷ ᠤᠨ ᠬᠥᠮᠦᠰ ᠲᠡᠭᠦᠨ ᠢ ︽ᠬᠢᠲᠠᠳ ᠬᠠᠭᠤᠷᠠᠭᠰᠠᠨ ᠪᠤᠳᠠᠭ᠎ᠠ︾ ᠭᠡᠳᠡᠭ᠃ ᠬᠠᠮᠤᠭ ᠰᠡᠬᠦᠯ ᠳᠤ᠂ ᠬᠠᠭᠤᠷᠤᠭᠰᠠᠨ ᠪᠤᠳᠠᠭ᠎ᠠ ᠪᠠᠨ ᠴᠢᠯᠠᠭᠤ ᠪᠠᠷ ᠲᠡᠭᠡᠷᠮᠡᠳᠡᠵᠦ ᠬᠠᠯᠢᠰᠤ ᠶᠢ ᠨᠢ ᠠᠪᠴᠤ᠂ ᠢᠳᠡᠵᠦ ᠪᠣᠯᠳᠠᠭ᠃    ᠮᠣᠩᠭᠤᠯᠴᠤᠳ ᠤᠨ ᠬᠠᠭᠤᠷᠤᠭᠰᠠᠨ ᠪᠤᠳᠠᠭ᠎ᠠ ᠢᠳᠡᠬᠦ ᠠᠷᠭ᠎ᠠ ᠨᠢ ᠬᠤᠪᠢᠷᠠᠯᠲᠠ ᠶᠡᠬᠡᠲᠡᠢ ᠪᠠᠶᠢᠵᠤ᠂ ᠤᠯᠠᠨ ᠵᠦᠢᠯ ᠤᠨ ᠢᠳᠡᠭᠡᠨ ᠲᠠᠢ ᠵᠣᠬᠢᠴᠠᠭᠤᠯᠬᠤ ᠶᠢ ᠡᠷᠬᠢᠮᠯᠡᠳᠡᠭ᠃ ᠵᠠᠵᠢᠯᠵᠤ ᠢᠳᠡᠪᠡᠯ ᠰᠤᠯᠠ ᠢᠳᠡᠭᠡᠨ ᠬᠢᠵᠦ᠂ ᠱᠥᠯᠥᠨ ᠳᠤ ᠬᠢᠪᠡᠯ ᠭᠤᠣᠯ ᠢᠳᠡᠭᠡᠨ ᠪᠣᠯᠤᠨ᠎ᠠ᠃ ᠶᠠᠭᠤ ᠴᠤ ᠭᠡᠰᠡᠨ᠂ ᠶᠠᠭᠠᠬᠢᠵᠤ ᠢᠳᠡᠭᠰᠡᠨ ᠴᠦ ᠪᠦᠷ ᠭᠠᠷ ᠤᠨ ᠠᠶ᠎ᠠ ᠪᠠᠷ ᠪᠠᠷᠢᠵᠤ ᠢᠷᠡᠭᠰᠡᠨ ᠰᠢᠭ᠂ ᠪᠦᠷ ᠬᠥᠮᠦᠨ ᠤ ᠦᠨᠦᠷ ᠠᠮᠲᠠ᠃    ᠦᠷᠭᠦᠯᠵᠢ ᠬᠡᠷᠡᠭᠯᠡᠳᠡᠭ ᠨᠢᠭᠡ ᠵᠦᠢᠯ ᠤᠨ ᠠᠷᠭ᠎ᠠ ᠪᠣᠯ᠄ ᠬᠠᠭᠤᠷᠤᠭᠰᠠᠨ ᠪᠤᠳᠠᠭ᠎ᠠ ᠪᠠᠨ ᠰᠦ᠋ ᠲᠠᠢ ᠴᠠᠢ ᠳᠤ ᠳᠡᠪᠲᠦᠭᠡᠵᠦ ᠣᠷᠣᠭᠤᠯᠤᠨ᠎ᠠ᠂ ᠰᠦ᠋ ᠲᠠᠢ ᠴᠠᠢ ᠪᠠᠨ ᠤᠤᠭᠤᠬᠤ ᠶᠢᠨ ᠳᠠᠭᠠᠤ ᠦᠷᠭᠦᠯᠵᠢᠯᠡᠨ ᠤᠤᠭᠤᠵᠤ᠂ ᠬᠠᠭᠤᠷᠤᠭᠰᠠᠨ ᠪᠤᠳᠠᠭ᠎ᠠ ᠪᠠᠨ ᠠᠭᠠᠵᠢᠮ ᠢᠶᠠᠷ ᠵᠥᠭᠡᠯᠡᠷᠡᠭᠦᠯᠵᠦ᠂ ᠰᠦ᠋ ᠲᠠᠢ ᠴᠠᠢ ᠪᠠᠨ ᠤᠤᠭᠤᠵᠤ ᠭᠦᠢᠴᠡᠭᠰᠡᠨ ᠤ ᠳᠠᠷᠠᠭ᠎ᠠ ᠠᠶᠠᠭᠠᠨ ᠳᠠᠬᠢ ᠪᠤᠳᠠᠭ᠎ᠠ ᠪᠣᠯᠤᠨ ᠴᠠᠢ ᠪᠠᠨ ᠢᠳᠡᠵᠦ ᠳᠠᠭᠤᠰᠬᠠᠨ᠎ᠠ᠃ ᠬᠡᠷᠪᠡ ᠴᠠᠶ ᠳᠣᠲᠣᠷ᠎ᠠ ᠥᠷᠥᠮ᠎ᠡ᠂ ᠪᠢᠰᠢᠯᠠᠭ ᠪᠠ ᠰᠢᠷ᠎ᠠ ᠲᠣᠰᠣ᠂ ᠠᠩᠬᠢᠯᠤᠮ᠎ᠠ ᠳᠠᠪᠤᠰᠤᠯᠢᠭ ᠰᠢᠬᠢᠷᠯᠢᠭ ᠬᠦᠴᠢᠯ ᠬᠤᠯᠢᠪᠠᠯ᠂ ᠲᠡᠷᠡ ᠬᠦ ᠬᠤᠯᠢᠯᠳᠤᠭᠰᠠᠨ ᠬᠠᠴᠢᠨ ᠭᠠᠶᠢᠬᠠᠯᠲᠠᠶ ᠦᠨᠦᠷ ᠠᠮᠲᠠ ᠶᠢ ᠵᠠᠪᠠᠯ ᠪᠡᠶ᠎ᠡ ᠪᠠᠷ ᠢᠶᠠᠨ ᠲᠤᠷᠰᠢᠵᠤ ᠦᠵᠡᠪᠡᠯ ᠰᠠᠶ᠋ᠢ ᠮᠡᠳᠡᠨ᠎ᠡ︔ ᠪᠠᠰᠠ ᠴᠢᠨᠠᠭᠰᠠᠨ ᠮᠢᠬᠠᠨ ᠱᠥᠯᠥᠨ ᠳᠤ ᠬᠠᠭᠤᠷᠤᠭᠰᠠᠨ ᠪᠤᠳᠠᠭ᠎ᠠ᠂ ᠳᠠᠪᠤᠰᠤ ᠬᠢᠵᠦ᠂ ᠮᠢᠬᠠᠨ ᠬᠡᠷᠴᠢᠮᠡᠯ ᠲᠠᠢ ᠬᠠᠮᠲᠤ ᠬᠠᠭᠤᠷᠤᠭᠰᠠᠨ ᠪᠤᠳᠠᠭ᠎ᠠ ᠬᠢᠵᠦ ᠪᠣᠯᠤᠨ᠎ᠠ︔ ᠮᠠᠯᠴᠢᠳ ᠬᠤᠯᠠ ᠶᠠᠪᠤᠬᠤ ᠪᠤᠶᠤ ᠮᠠᠯ ᠬᠠᠷᠢᠭᠤᠯᠬᠤ᠂ ᠪᠤᠳᠠᠭ᠎ᠠ ᠬᠠᠭᠤᠷᠬᠤ ᠨᠢ ᠬᠠᠷᠢᠨ ᠮᠠᠰᠢ ᠰᠠᠶᠢᠨ ᠬᠠᠭᠤᠷᠠᠶ ᠠᠮᠤ᠃ ᠵᠠᠵᠢᠯᠬᠤ ᠪᠤᠶᠤ ᠬᠤᠷᠤᠳ᠂ ᠥᠷᠥᠮ᠎ᠡ ᠬᠤᠯᠢᠵᠤ ᠢᠳᠡᠭᠰᠡᠨ ᠴᠦ ᠠᠮᠠ ᠳᠦᠭᠦᠷᠡᠩ ᠠᠮᠲᠠᠲᠠᠢ᠃
 
ᠢᠷᠡᠯᠲᠡ᠄ ᠰᠢᠩ ᠾᠧ ᠰᠢᠶᠠᠨ ᠤ ᠵᠠᠰᠠᠭ ᠤᠨ ᠣᠷᠳᠣᠨ ᠤ ᠬᠢᠲᠠᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3