ᠰᠢᠩ ᠾᠧ ᠰᠢᠶᠠᠨ ᠤ ᠡᠮ ᠡᠮᠨᠡᠯᠭᠡ ᠶᠢᠨ ᠪᠠᠲᠤᠯᠠᠭ᠎ᠠ ᠶᠢᠨ ᠲᠣᠪᠴᠢᠶ᠎ᠠ ᠰᠢᠩ ᠾᠧ ᠰᠢᠶᠠᠨ ᠤ ᠠᠷᠠᠳ ᠤᠨ | ᠠᠮᠢᠳᠤᠷᠠᠯ ᠤᠨ ᠦᠢᠯᠡᠴᠢᠯᠡᠭᠡᠨ ᠤ ᠲᠥᠪ ᠤᠨ ᠬᠤᠶᠠᠳᠤᠭᠠᠷ ᠳᠠᠪᠬᠤᠷ ᠲᠤ ᠪᠠᠶᠢᠷᠢᠯᠠᠵᠤ᠂ 2019 ᠣᠨ ᠤ 3 | ᠰᠠᠷ᠎ᠠ ᠳᠤ ᠪᠠᠶᠢᠭᠤᠯᠤᠭᠳᠠᠭᠰᠠᠨ ᠨᠢ ᠰᠢᠩ ᠾᠧ ᠰᠢᠶᠠᠨ ᠤ ᠠᠷᠠᠳ ᠤᠨ ᠵᠠᠰᠠᠭ ᠤᠨ ᠣᠷᠳᠣᠨ ᠤ ᠠᠵᠢᠯ ᠤᠨ ᠰᠠᠯᠠᠭ᠎ᠠ | ᠮᠥᠴᠢᠷ ᠪᠣᠯᠤᠨ᠎ᠠ᠃ | ᠰᠢᠩ ᠾᠧ ᠰᠢᠶᠠᠨ ᠤ ᠡᠮ ᠡᠮᠨᠡᠯᠭᠡ ᠶᠢᠨ ᠪᠠᠲᠤᠯᠠᠭ᠎ᠠ ᠶᠢᠨ ᠲᠣᠪᠴᠢᠶ᠎ᠠ ᠡᠮᠴᠢᠯᠡᠭᠡᠨ ᠤ ᠪᠠᠲᠤᠯᠠᠭ᠎ᠠ ᠶᠢᠨ | ᠠᠵᠢᠯ ᠤᠨ ᠲᠤᠬᠠᠶ ᠨᠠᠮ ᠤᠨ ᠲᠥᠪ ᠬᠤᠷᠢᠶᠠᠨ ᠤ ᠴᠢᠭᠯᠡᠯᠲᠡ ᠲᠥᠷᠥ ᠶᠢᠨ ᠪᠣᠳᠣᠯᠭ᠎ᠠ ᠪᠣᠯᠤᠨ ᠰᠢᠶᠠᠨ ᠤ ᠨᠠᠮ ᠤᠨ | ᠬᠤᠷᠢᠶ᠎ᠠ᠂ ᠵᠠᠰᠠᠭ ᠤᠨ ᠣᠷᠳᠣᠨ ᠤ ᠬᠠᠮᠢᠶ᠎ᠠ ᠪᠦᠬᠦᠢ ᠰᠢᠢᠳᠪᠤᠷᠢᠲᠤ ᠪᠣᠳᠣᠯᠭ᠎ᠠ ᠶᠢᠨ ᠪᠠᠶᠢᠷᠢᠯᠠᠭᠤᠯᠤᠯᠲᠠ ᠶᠢ | ᠲᠤᠤᠱᠯᠠᠭᠤᠯᠤᠨ ᠨᠠᠶᠢᠳᠠᠪᠤᠷᠢᠵᠢᠭᠤᠯᠵᠤ᠂ ᠡᠭᠦᠷᠭᠡ ᠬᠠᠷᠢᠭᠤᠴᠠᠯᠭ᠎ᠠ ᠪᠠᠨ ᠭᠦᠶ᠋ᠴᠡᠳᠬᠡᠬᠦ ᠶᠠᠪᠤᠴᠠ ᠳᠤ ᠡᠮᠴᠢᠯᠡᠭᠡᠨ ᠤ | ᠪᠠᠲᠤᠯᠠᠭ᠎ᠠ ᠶᠢᠨ ᠠᠵᠢᠯ ᠳᠠᠬᠢ ᠨᠠᠮ ᠤᠨ ᠲᠥᠪᠯᠡᠷᠡᠩᠭᠦᠶ ᠨᠢᠭᠡᠳᠦᠯᠲᠡᠶ ᠤᠳᠤᠷᠢᠳᠤᠯᠭ᠎ᠠ ᠶᠢ ᠪᠠᠷᠢᠮᠲᠠᠯᠠᠨ ᠴᠢᠩᠭᠠᠳᠬᠠᠨ᠎ᠠ | ᠃ | ᠭᠤᠤᠯ ᠡᠭᠦᠷᠭᠡ ᠬᠠᠷᠢᠭᠤᠴᠠᠯᠭ᠎ᠠ ᠨᠢ᠄ | ︵ᠨᠢᠭᠡ︶ ᠡᠮᠴᠢᠯᠡᠭᠡᠨ ᠤ ᠳᠠᠭᠠᠳᠬᠠᠯ᠂ ᠦᠷᠡᠵᠢᠯ ᠤᠨ ᠳᠠᠭᠠᠳᠬᠠᠯ᠂ ᠡᠮᠴᠢᠯᠡᠭᠡᠨ ᠤ ᠠᠪᠤᠷᠠᠨ ᠲᠤᠰᠠᠯᠠᠯᠲᠠ | ᠵᠡᠷᠭᠡ ᠣᠷᠣᠨ ᠨᠤᠲᠤᠭ ᠤᠨ ᠴᠢᠨᠠᠷᠲᠠᠶ ᠬᠠᠤᠯᠢ ᠲᠣᠭᠲᠠᠭᠠᠯ᠂ ᠲᠦᠷᠢᠮ ᠲᠣᠭᠲᠠᠭᠠᠯ ᠤᠨ ᠲᠥᠰᠦᠯ ᠢ ᠬᠡᠷᠡᠭᠵᠢᠭᠦᠯᠵᠦ᠂ | ᠬᠠᠮᠢᠶ᠎ᠠ ᠪᠥᠬᠦᠶ ᠲᠥᠷᠥ ᠶᠢᠨ ᠪᠣᠳᠣᠯᠭ᠎ᠠ᠂ ᠲᠥᠯᠥᠪᠵᠢᠭᠦᠯᠭᠡ᠂ ᠪᠠᠷᠢᠮᠵᠢᠶ᠎ᠠ ᠶᠢ ᠬᠡᠷᠡᠭᠵᠢᠭᠦᠯᠬᠦ ᠶᠢᠨ ᠬᠠᠮᠲᠤ | ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ | ︵ᠬᠤᠶᠠᠷ︶ ᠬᠤᠯᠪᠣᠭᠳᠠᠯ ᠪᠦᠬᠦᠢ ᠰᠠᠯᠠᠭ᠎ᠠ ᠮᠥᠴᠢᠷ ᠲᠠᠢ ᠬᠠᠮᠵᠢᠯᠴᠠᠨ ᠰᠢᠶᠠᠨ ᠤ ᠡᠮᠴᠢᠯᠡᠭᠡᠨ ᠤ | ᠪᠠᠲᠤᠯᠠᠭ᠎ᠠ ᠶᠢᠨ ᠰᠠᠭᠤᠷᠢ ᠮᠥᠩᠭᠦ ᠶᠢᠨ ᠲᠥᠰᠦᠪ ᠪᠠ ᠲᠥᠰᠦᠪ ᠤᠨ ᠭᠦᠢᠴᠡᠳᠬᠡᠯ ᠢ ᠰᠤᠳᠤᠯᠤᠨ ᠲᠣᠭᠲᠠᠭᠠᠵᠤ᠂ | ᠡᠮᠴᠢᠯᠡᠭᠡᠨ ᠤ ᠪᠠᠲᠤᠯᠠᠭ᠎ᠠ ᠶᠢᠨ ᠰᠠᠭᠤᠷᠢ ᠮᠥᠩᠭᠦ ᠶᠢᠨ ᠬᠢᠨᠠᠯᠲᠠ ᠬᠠᠮᠢᠶᠠᠷᠤᠯᠲᠠ ᠶᠢᠨ ᠠᠷᠭ᠎ᠠ ᠶᠢ ᠬᠡᠷᠡᠭᠵᠢᠭᠦᠯᠵᠦ᠂ | ᠡᠮᠴᠢᠯᠡᠭᠡᠨ ᠤ ᠪᠠᠲᠤᠯᠠᠭ᠎ᠠ ᠶᠢᠨ ᠰᠠᠭᠤᠷᠢ ᠮᠥᠩᠭᠦ ᠶᠢᠨ ᠠᠮᠤᠷ ᠲᠦᠪᠰᠢᠨ ᠤ ᠰᠡᠷᠭᠡᠶᠢᠯᠡᠨ ᠡᠵᠡᠮᠳᠡᠬᠦ ᠲᠣᠭᠲᠠᠴᠠ ᠶᠢ | ᠪᠠᠶᠢᠭᠤᠯᠤᠨ ᠲᠡᠭᠦᠯᠳᠡᠷᠵᠢᠭᠦᠯᠵᠦ᠂ ᠡᠮᠴᠢᠯᠡᠭᠡᠨ ᠤ ᠪᠠᠲᠤᠯᠠᠭ᠎ᠠ ᠶᠢᠨ ᠰᠠᠭᠤᠷᠢ ᠮᠥᠩᠭᠦ ᠶᠢᠨ ᠲᠣᠭᠠᠴᠠᠭ᠎ᠠ ᠬᠢᠬᠦ ᠠᠷᠭ᠎ᠠ | ᠮᠠᠶ᠋ᠢᠭ ᠤᠨ ᠥᠭᠡᠷᠡᠴᠢᠯᠡᠯᠲᠡ ᠶᠢ ᠲᠦᠯᠬᠢᠨ ᠠᠬᠢᠭᠤᠯᠤᠨ᠎ᠠ᠃ | ︵ᠭᠤᠷᠪᠠ︶ ᠡᠮᠴᠢᠯᠡᠭᠡᠨ ᠤ ᠪᠠᠲᠤᠯᠠᠭ᠎ᠠ ᠶᠢᠨ ᠪᠠᠯᠠ ᠴᠤᠭᠯᠠᠭᠤᠯᠬᠤ ᠪᠠ ᠣᠯᠭᠤᠮᠵᠢ ᠶᠢᠨ ᠲᠥᠷᠥ ᠶᠢᠨ | ᠪᠣᠳᠣᠯᠭ᠎ᠠ ᠶᠢ ᠬᠡᠷᠡᠭᠵᠢᠭᠦᠯᠵᠦ᠂ ᠬᠥᠳᠡᠯᠦᠩᠭᠦᠶ ᠲᠣᠬᠢᠷᠠᠭᠤᠯᠤᠯᠲᠠ ᠪᠠ ᠣᠷᠣᠨ ᠪᠦᠰᠡ ᠶᠢᠨ ᠲᠣᠬᠢᠷᠠᠭᠤᠯᠤᠯᠲᠠ ᠶᠢ | ᠲᠡᠩᠴᠡᠭᠦᠷᠢᠲᠡᠶ ᠪᠠᠶᠢᠯᠭᠠᠬᠤ ᠲᠣᠭᠲᠠᠴᠠ ᠶᠢ ᠲᠡᠭᠦᠯᠳᠡᠷᠵᠢᠭᠦᠯᠦᠨ᠂ ᠬᠤᠲᠠ ᠬᠥᠳᠡᠭᠡ ᠶᠢᠨ ᠡᠮᠴᠢᠯᠡᠭᠡᠨ ᠤ | ᠪᠠᠲᠤᠯᠠᠭ᠎ᠠ ᠶᠢᠨ ᠣᠯᠭᠤᠮᠵᠢ ᠶᠢᠨ ᠪᠠᠷᠢᠮᠵᠢᠶ᠎ᠠ ᠶᠢ ᠨᠢᠭᠡᠳᠦᠯᠲᠡᠶ ᠲᠥᠯᠥᠪᠯᠡᠵᠦ᠂ ᠪᠠᠯᠠ ᠴᠤᠭᠯᠠᠭᠤᠯᠬᠤ ᠬᠢᠷᠢ | ᠬᠡᠮᠵᠢᠶ᠎ᠡ ᠯᠦᠭᠡ ᠬᠠᠷᠢᠯᠴᠠᠨ ᠵᠣᠬᠢᠴᠠᠯᠳᠤᠭᠰᠠᠨ ᠣᠯᠭᠤᠮᠵᠢ ᠶᠢ ᠳᠣᠭᠢᠷᠠᠭᠤᠯᠬᠤ ᠲᠣᠭᠲᠠᠴᠠ ᠶᠢ ᠪᠠᠶᠢᠭᠤᠯᠤᠨ | ᠪᠦᠷᠢᠨᠰᠢᠬᠦᠯᠵᠦ᠂ ᠣᠷᠳᠣ ᠬᠤᠭᠤᠴᠠᠭᠠᠨ ᠤ ᠰᠤᠪᠢᠯᠠᠯᠲᠠ ᠶᠢᠨ ᠳᠠᠭᠠᠳᠬᠠᠯ ᠤᠨ ᠲᠦᠷᠢᠮ ᠤᠨ ᠥᠭᠡᠷᠡᠴᠢᠯᠡᠯᠲᠡ ᠶᠢᠨ | ᠲᠥᠰᠦᠯ ᠢ ᠵᠣᠬᠢᠶᠠᠨ ᠪᠠᠶᠢᠭᠤᠯᠤᠨ ᠲᠤᠭᠤᠷᠪᠢᠬᠤ ᠶᠢᠨ ᠬᠠᠮᠲᠤ ᠬᠡᠷᠡᠭᠵᠢᠭᠦᠯᠦᠨ᠎ᠡ᠃ | ︵ᠲᠦᠷᠪᠡ︶ ᠬᠤᠲᠠ ᠬᠥᠳᠡᠭᠡ ᠶᠢᠨ ᠨᠢᠭᠡᠳᠦᠯᠲᠡᠶ ᠡᠮ ᠤᠨ ᠵᠦᠢᠯ᠂ ᠡᠮᠴᠢᠯᠡᠭᠡᠨ ᠳᠤ ᠬᠡᠷᠡᠭᠯᠡᠬᠦ ᠬᠤᠷᠣᠭᠳᠠᠯ | ᠮᠠᠲ᠋ᠧᠷᠢᠶᠠᠯ᠂ ᠡᠮᠴᠢᠯᠡᠭᠡᠨ ᠤ ᠦᠢᠯᠡᠴᠢᠯᠡᠭᠡᠨ ᠤ ᠲᠥᠷᠥᠯ ᠵᠦᠢᠯ᠂ ᠡᠮᠴᠢᠯᠡᠭᠡᠨ ᠤ ᠦᠢᠯᠡᠴᠢᠯᠡᠭᠡᠨ ᠤ ᠪᠡᠯᠡᠳᠬᠡᠮᠵᠢ | ᠵᠡᠷᠭᠡ ᠡᠮᠴᠢᠯᠡᠭᠡᠨ ᠤ ᠳᠠᠭᠠᠳᠬᠠᠯ ᠤᠨ ᠭᠠᠷᠴᠠᠭ ᠪᠠ ᠲᠣᠭᠠᠴᠠᠭ᠎ᠠ ᠬᠢᠬᠦ ᠪᠠᠷᠢᠮᠵᠢᠶ᠎ᠠ ᠶᠢ ᠬᠡᠷᠡᠭᠵᠢᠭᠦᠯᠵᠦ᠂ | ᠬᠥᠳᠡᠯᠦᠩᠭᠦᠶ ᠲᠣᠬᠢᠷᠠᠭᠤᠯᠤᠯᠲᠠ ᠶᠢᠨ ᠲᠣᠭᠲᠠᠴᠠ ᠶᠢ ᠪᠠᠶᠢᠭᠤᠯᠤᠨ᠂ ᠤᠯᠤᠰ ᠤᠨ ᠡᠮᠴᠢᠯᠡᠭᠡᠨ ᠤ ᠳᠠᠭᠠᠳᠬᠠᠯ ᠤᠨ | ᠭᠠᠷᠴᠠᠭ ᠲᠤ ᠵᠥᠪᠰᠢᠶᠡᠷᠡᠨ ᠣᠷᠣᠭᠤᠯᠬᠤ ᠬᠡᠯᠡᠯᠴᠡᠭᠡᠷ ᠤᠨ ᠲᠦᠷᠢᠮ ᠢ ᠲᠤᠭᠤᠰᠢᠯᠠᠭᠤᠯᠤᠨ ᠬᠡᠷᠡᠭᠵᠢᠭᠦᠯᠦᠨ᠎ᠡ᠃ | ︵ᠲᠠᠪᠤ︶ ᠤᠯᠤᠰ ᠤᠨ ᠡᠮ ᠤᠨ ᠵᠦᠢᠯ᠂ ᠡᠮᠴᠢᠯᠡᠭᠡᠨ ᠳᠤ ᠬᠡᠷᠡᠭᠯᠡᠬᠦ ᠬᠤᠷᠤᠭᠳᠠᠯ ᠮᠠᠲ᠋ᠧᠷᠢᠶᠠᠯ ᠤᠨ ᠦᠨ᠎ᠡ | ᠬᠠᠩᠰᠢ ᠶᠢᠨ ᠲᠥᠷᠥ ᠶᠢᠨ ᠪᠣᠳᠣᠯᠭ᠎ᠠ ᠶᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠡᠮᠴᠢᠯᠡᠭᠡ ᠶᠢᠨ | ᠦᠢᠯᠡᠴᠢᠯᠡᠭᠡᠨ ᠤ ᠲᠥᠷᠥᠯ ᠵᠦᠢᠯ᠂ ᠡᠮᠴᠢᠯᠡᠭᠡ ᠶᠢᠨ ᠦᠢᠯᠡᠴᠢᠯᠡᠭᠡᠨ ᠤ ᠪᠡᠯᠡᠳᠬᠡᠮᠵᠢ ᠶᠢᠨ ᠰᠦᠢᠳᠬᠡᠯ ᠬᠤᠷᠢᠶᠠᠬᠤ | ᠵᠡᠷᠭᠡ ᠲᠥᠷᠥ ᠶᠢᠨ ᠪᠣᠳᠣᠯᠭ᠎ᠠ ᠶᠢ ᠵᠣᠬᠢᠶᠠᠨ ᠪᠠᠶᠢᠭᠤᠯᠤᠨ ᠲᠣᠭᠲᠠᠭᠠᠵᠤ᠂ ᠡᠮᠴᠢᠯᠡᠭᠡ ᠶᠢᠨ ᠳᠠᠭᠠᠳᠬᠠᠯ ᠤᠨ | ᠲᠣᠭᠠᠴᠠᠭ᠎ᠠ ᠬᠢᠬᠦ ᠡᠮ ᠡᠮᠨᠡᠯᠭᠡ ᠶᠢᠨ ᠦᠢᠯᠡᠴᠢᠯᠡᠭᠡᠨ ᠤ ᠦᠨ᠎ᠡ ᠬᠠᠩᠰᠢ ᠶᠢ ᠵᠦᠢ ᠵᠣᠬᠢᠰᠲᠠᠢ ᠲᠣᠭᠲᠠᠭᠠᠬᠤ ᠪᠠ | ᠬᠥᠳᠡᠯᠦᠩᠭᠦᠢ ᠪᠠᠷ ᠲᠣᠬᠢᠷᠠᠭᠤᠯᠬᠤ ᠲᠣᠭᠲᠠᠴᠠ ᠶᠢ ᠪᠠᠶᠢᠭᠤᠯᠤᠨ᠂ ᠵᠠᠬ᠎ᠠ ᠳᠡᠯᠭᠡᠭᠦᠷ ᠢᠶᠠᠷ ᠭᠤᠣᠯᠯᠠᠭᠤᠯᠤᠭᠰᠠᠨ | ᠨᠡᠶᠢᠭᠡᠮ ᠤᠨ ᠡᠮ ᠡᠮᠨᠡᠯᠭᠡ ᠶᠢᠨ ᠦᠢᠯᠡᠴᠢᠯᠡᠭᠡᠨ ᠤ ᠦᠨ᠎ᠡ ᠬᠠᠩᠰᠢ ᠶᠢᠨ ᠪᠦᠷᠢᠯᠳᠦᠬᠦ ᠲᠣᠭᠲᠠᠴᠠ ᠶᠢ ᠪᠠᠶᠢᠭᠤᠯᠬᠤ ᠶᠢ | ᠠᠬᠢᠭᠤᠯᠵᠤ᠂ ᠦᠨ᠎ᠡ ᠬᠠᠩᠰᠢ ᠶᠢᠨ ᠮᠡᠳᠡᠭᠡ ᠵᠠᠩᠭᠢ ᠶᠢ ᠬᠢᠨᠠᠨ ᠰᠢᠨᠵᠢᠬᠦ ᠪᠠ ᠮᠡᠳᠡᠭᠡ ᠵᠠᠩᠭᠢ ᠨᠡᠶᠢᠲᠡᠯᠡᠬᠦ ᠳᠦᠷᠢᠮ ᠢ | ᠪᠠᠶᠢᠭᠤᠯᠤᠨ᠎ᠠ᠃ | ︵ᠵᠢᠷᠭᠤᠭ᠎ᠠ︶ ᠡᠮ ᠤᠨ ᠵᠦᠢᠯ᠂ ᠡᠮᠴᠢᠯᠡᠭᠡᠨ ᠳᠤ ᠬᠡᠷᠡᠭᠯᠡᠬᠦ ᠬᠤᠷᠣᠭᠳᠠᠯ ᠮᠠᠲ᠋ᠧᠷᠢᠶᠠᠯ ᠢ ᠳᠠᠭᠠᠭᠠᠴᠢᠯᠠᠯᠲᠠ | ᠵᠠᠷᠯᠠᠨ ᠬᠤᠳᠠᠯᠳᠤᠨ ᠠᠪᠬᠤ᠂ ᠳᠣᠭᠢᠷᠠᠭᠤᠯᠤᠨ ᠬᠦᠷᠭᠡᠬᠦ ᠵᠢᠴᠢ ᠳ᠋ᠦᠩᠨᠡᠨ ᠪᠤᠳᠤᠬᠤ ᠬᠠᠮᠢᠶᠠᠷᠤᠯᠲᠠ ᠶᠢᠨ ᠲᠥᠷᠥ ᠶᠢᠨ | ᠪᠣᠳᠣᠯᠭ᠎ᠠ ᠶᠢ ᠬᠡᠷᠡᠭᠵᠢᠭᠦᠯᠬᠦ ᠶᠢᠨ ᠬᠠᠮᠲᠤ ᠬᠢᠨᠠᠯᠲᠠ ᠲᠠᠯᠪᠢᠨ ᠬᠡᠷᠡᠭᠵᠢᠭᠦᠯᠵᠦ᠂ ᠡᠮ ᠤᠨ ᠵᠦᠢᠯ᠂ ᠡᠮᠴᠢᠯᠡᠭᠡᠨ ᠳᠤ | ᠬᠡᠷᠡᠭᠯᠡᠬᠦ ᠬᠤᠷᠣᠭᠳᠠᠯ ᠮᠠᠲ᠋ᠧᠷᠢᠶᠠᠯ ᠢ ᠳᠠᠭᠠᠭᠠᠴᠢᠯᠠᠯᠲᠠ ᠵᠠᠷᠯᠠᠨ ᠬᠤᠳᠠᠯᠳᠤᠨ ᠠᠪᠬᠤ ᠲᠠᠪᠴᠠᠩ ᠤᠨ ᠪᠠᠢᠭᠤᠯᠤᠯᠲᠠ ᠶᠢ | ᠠᠬᠢᠭᠤᠯᠤᠨ᠎ᠠ᠃ | ︵ᠳᠤᠯᠤᠭ᠎ᠠ︶ ᠳᠡᠭᠡᠳᠦ ᠱᠠᠲᠤᠨ ᠤ ᠬᠤᠯᠪᠣᠭᠳᠠᠯ ᠪᠦᠬᠦᠢ ᠴᠢᠭ ᠲᠣᠭᠲᠠᠭᠠᠭᠰᠠᠨ ᠡᠮ ᠡᠮᠨᠡᠯᠭᠡ ᠶᠢᠨ | ᠪᠠᠶᠢᠭᠤᠯᠤᠮᠵᠢ ᠶᠢᠨ ᠬᠡᠯᠡᠯᠴᠡᠭᠡᠷ ᠪᠠ ᠲᠣᠭᠠᠴᠠᠭ᠎ᠠ ᠬᠢᠬᠦ ᠬᠠᠮᠢᠶᠠᠷᠤᠯᠲᠠ ᠶᠢᠨ ᠠᠷᠭ᠎ᠠ ᠶᠢ ᠬᠡᠷᠡᠭᠵᠢᠭᠦᠯᠬᠦ ᠶᠢᠨ ᠬᠠᠮᠲᠤ | ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠡᠮᠴᠢᠯᠡᠭᠡᠨ ᠤ ᠪᠠᠲᠤᠯᠠᠭ᠎ᠠ ᠶᠢᠨ ᠢᠲᠡᠭᠡᠮᠵᠢ ᠶᠢᠨ ᠦᠨᠡᠯᠡᠬᠦ ᠰᠢᠰᠲ᠋ᠧᠮᠵᠢ ᠪᠠ | ᠮᠡᠳᠡᠭᠡ ᠵᠠᠩᠭᠢ ᠨᠡᠶᠢᠲᠡᠯᠡᠬᠦ ᠳᠦᠷᠢᠮ ᠢ ᠪᠠᠶᠢᠭᠤᠯᠤᠨ ᠪᠦᠷᠢᠨᠰᠢᠭᠦᠯᠵᠦ᠂ ᠡᠮᠴᠢᠯᠡᠭᠡᠨ ᠤ ᠳᠠᠭᠠᠳᠬᠠᠯ ᠤᠨ ᠬᠡᠪᠴᠢᠶᠡᠨ | ᠳᠣᠲᠣᠷᠠᠬᠢ ᠡᠮᠴᠢᠯᠡᠭᠡᠨ ᠤ ᠦᠢᠯᠡᠴᠢᠯᠡᠭᠡᠨ ᠤ ᠦᠢᠯᠡ ᠠᠵᠢᠯᠯᠠᠭ᠎ᠠ ᠪᠠ ᠡᠮᠴᠢᠯᠡᠭᠡᠨ ᠤ ᠵᠠᠷᠤᠳᠠᠯ ᠳᠤ ᠬᠢᠨᠠᠯᠲᠠ | ᠲᠠᠯᠪᠢᠨ ᠬᠠᠮᠢᠶᠠᠷᠴᠤ᠂ ᠡᠮᠴᠢᠯᠡᠭᠡᠨ ᠤ ᠪᠠᠲᠤᠯᠠᠭ᠎ᠠ ᠶᠢᠨ ᠬᠦᠷᠢᠶᠡᠨ ᠳᠠᠬᠢ ᠬᠠᠤᠯᠢ ᠲᠣᠭᠲᠠᠭᠠᠯ ᠠᠴᠠ ᠵᠥᠷᠢᠴᠡᠭᠰᠡᠨ | ᠦᠢᠯᠡ ᠠᠵᠢᠯᠯᠠᠭ᠎ᠠ ᠶᠢ ᠬᠠᠤᠯᠢ ᠲᠣᠭᠲᠠᠭᠠᠯ ᠶᠣᠰᠣᠭᠠᠷ ᠪᠠᠶᠢᠴᠠᠭᠠᠨ ᠰᠢᠢᠳᠪᠦᠷᠢᠯᠡᠨ᠎ᠡ᠃ | ︵ᠨᠠᠢᠮᠠ︶ ᠡᠮᠴᠢᠯᠡᠭᠡᠨ ᠤ ᠪᠠᠲᠤᠯᠠᠭ᠎ᠠ ᠶᠢᠨ ᠭᠠᠷᠲᠠᠨ ᠭᠦᠢᠴᠡᠳᠭᠡᠬᠦ ᠬᠠᠮᠢᠶᠠᠷᠤᠯᠲᠠ ᠪᠣᠯᠤᠨ ᠣᠯᠠᠨ | ᠨᠡᠶᠢᠲᠡ ᠶᠢᠨ ᠦᠢᠯᠡᠴᠢᠯᠡᠭᠡᠨ ᠤ ᠰᠢᠰᠲ᠋ᠧᠮ᠂ ᠮᠡᠳᠡᠭᠡ ᠵᠠᠩᠭᠢᠵᠢᠯᠲᠠ ᠶᠢᠨ ᠪᠠᠶᠢᠭᠤᠯᠤᠯᠲᠠ ᠶᠢ ᠬᠠᠷᠢᠭᠤᠴᠠᠨ᠎ᠠ᠃ | ᠣᠨᠳᠣᠤ ᠭᠠᠵᠠᠷ ᠲᠤ ᠡᠮᠨᠡᠭᠦᠯᠬᠦ ᠬᠠᠮᠢᠶᠠᠷᠤᠯᠲᠠ ᠪᠠ ᠵᠠᠷᠤᠳᠠᠯ ᠢ ᠳ᠋ᠦᠩᠨᠡᠨ ᠪᠤᠳᠤᠬᠤ ᠲᠥᠷᠥ ᠶᠢᠨ ᠪᠣᠳᠣᠯᠭ᠎ᠠ ᠶᠢ | ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ ᠡᠮᠴᠢᠯᠡᠭᠡᠨ ᠤ ᠪᠠᠲᠤᠯᠠᠭ᠎ᠠ ᠶᠢᠨ ᠬᠠᠷᠢᠴᠠᠭ᠎ᠠ ᠶᠢ ᠰᠢᠯᠵᠢᠭᠦᠯᠦᠨ | ᠦᠷᠭᠦᠯᠵᠢᠯᠡᠭᠦᠯᠬᠦ ᠲᠦᠷᠢᠮ ᠢ ᠪᠠᠶᠢᠭᠤᠯᠤᠨ ᠲᠡᠭᠦᠯᠳᠡᠷᠵᠢᠭᠦᠯᠦᠨ᠎ᠡ᠃ ᠡᠮ ᠡᠮᠨᠡᠯᠭᠡ ᠶᠢᠨ ᠪᠠᠲᠤᠯᠠᠭ᠎ᠠ ᠶᠢᠨ | ᠬᠦᠷᠢᠶᠡᠨ ᠳᠠᠬᠢ ᠬᠠᠮᠲᠤᠷᠠᠯᠴᠠᠭ᠎ᠠ ᠰᠣᠯᠢᠯᠴᠠᠭ᠎ᠠ ᠶᠢ ᠥᠷᠨᠢᠭᠦᠯᠦᠨ᠎ᠡ᠃ | ︵ᠶᠢᠰᠦ︶ ᠲᠤᠰ ᠰᠠᠯᠠᠭ᠎ᠠ ᠮᠥᠴᠢᠷ ᠤᠨ ᠢᠶᠠᠨ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ | ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠶᠢ ᠬᠠᠷᠢᠭᠤᠴᠠᠵᠤ᠂ ᠲᠤᠰ ᠰᠠᠯᠠᠭ᠎ᠠ ᠮᠥᠴᠢᠷ ᠤᠨ ᠢᠶᠠᠨ | ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠡᠭᠦᠷᠭᠡ ᠬᠠᠷᠢᠭᠤᠴᠠᠯᠭ᠎ᠠ᠂ ᠬᠠᠷᠠᠯᠲᠠ ᠪᠣᠯᠤᠨ | ᠡᠭᠦᠷᠭᠡ ᠶᠢᠨ ᠶᠣᠰᠣᠭᠠᠷ ᠶᠠᠳᠠᠭᠤ ᠶᠢ ᠲᠡᠳᠬᠦᠬᠦ ᠠᠵᠢᠯ ᠢ ᠰᠠᠶᠢᠲᠤᠷ ᠬᠢᠨ᠎ᠡ᠃ | ︵ᠠᠷᠪᠠ︶ ᠲᠣᠰ ᠰᠠᠯᠠᠭ᠎ᠠ ᠮᠥᠴᠢᠷ ᠤᠨ ᠢᠶᠠᠨ ᠵᠥᠷᠢᠴᠡᠯ ᠢ ᠠᠷᠢᠯᠭᠠᠬᠤ᠂ ᠵᠠᠬᠢᠳᠠᠯ ᠰᠤᠷᠪᠤᠯᠵᠢᠯᠠᠭ᠎ᠠ ᠪᠠ | ᠲᠣᠭᠲᠠᠭᠤᠨ ᠪᠠᠶᠢᠳᠠᠯ ᠢ ᠬᠠᠮᠠᠭᠠᠯᠠᠬᠤ ᠠᠵᠢᠯ ᠢ ᠬᠠᠷᠢᠭᠤᠴᠠᠨ᠎ᠠ᠃ | ︵ᠠᠷᠪᠠᠨ ᠨᠢᠭᠡ︶ ᠰᠢᠶᠠᠨ ᠤ ᠨᠠᠮ ᠤᠨ ᠬᠤᠷᠢᠶ᠎ᠠ ᠪᠠ ᠵᠠᠰᠠᠭ ᠤᠨ ᠣᠷᠳᠣᠨ ᠤ ᠲᠤᠰᠢᠶᠠᠭᠰᠠᠨ ᠪᠤᠰᠤᠳ | ᠡᠭᠦᠷᠭᠡ ᠶᠢ ᠪᠡᠶᠡᠯᠡᠭᠦᠯᠦᠨ᠎ᠡ᠃ | ︵ᠠᠷᠪᠠᠨ ᠬᠤᠶᠠᠷ︶ ᠡᠭᠦᠷᠭᠡ ᠴᠢᠳᠠᠪᠤᠷᠢ ᠶᠢ ᠬᠤᠪᠢᠷᠠᠬᠤᠯᠬᠤ᠃ ᠰᠢᠩ ᠾᠧ ᠰᠢᠶᠠᠨ ᠤ ᠡᠮ ᠡᠮᠨᠡᠯᠭᠡ ᠶᠢᠨ | ᠪᠠᠲᠤᠯᠠᠭ᠎ᠠ ᠶᠢᠨ ᠲᠣᠪᠴᠢᠶ᠎ᠠ ᠳᠡᠭᠡᠳᠦ ᠱᠠᠲᠤᠨ ᠤ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠦᠨᠳᠦᠰᠦᠨ ᠡᠮ | ᠡᠮᠨᠡᠯᠭᠡ ᠶᠢᠨ ᠳᠠᠭᠠᠳᠬᠠᠯ ᠤᠨ ᠳᠦᠷᠢᠮ᠂ ᠬᠦᠨᠳᠦ ᠡᠪᠡᠳᠴᠢᠨ ᠤ ᠳᠠᠭᠠᠳᠬᠠᠯ ᠤᠨ ᠳᠦᠷᠢᠮ ᠪᠣᠯᠤᠨ ᠡᠮ | ᠡᠮᠨᠡᠯᠭᠡ ᠶᠢᠨ ᠠᠪᠤᠷᠠᠨ ᠲᠤᠰᠠᠯᠠᠬᠤ ᠳᠦᠷᠢᠮ ᠢ ᠬᠡᠷᠡᠭᠵᠢᠭᠦᠯᠵᠦ᠂ ᠪᠦᠬᠦ ᠠᠷᠠᠳ ᠢ ᠬᠠᠮᠤᠷᠤᠭᠰᠠᠨ᠂ ᠬᠤᠲᠠ | ᠬᠥᠳᠡᠭᠡ ᠶᠢ ᠨᠢᠭᠡᠳᠦᠯᠲᠡᠶ ᠲᠥᠯᠥᠪᠯᠡᠭᠰᠡᠨ ᠣᠯᠠᠨ ᠳᠡᠰ ᠳᠠᠪᠬᠤᠷᠭ᠎ᠠ ᠶᠢᠨ ᠡᠮ ᠡᠮᠨᠡᠯᠭᠡ ᠶᠢᠨ ᠪᠠᠲᠤᠯᠠᠭ᠎ᠠ ᠶᠢᠨ | ᠰᠢᠰᠲ᠋ᠧᠮ ᠢ ᠪᠠᠶᠢᠭᠤᠯᠤᠨ ᠲᠡᠭᠦᠯᠳᠡᠷᠵᠢᠭᠦᠯᠵᠦ᠂ ᠡᠮ ᠡᠮᠨᠡᠯᠭᠡ ᠶᠢᠨ ᠪᠠᠲᠤᠯᠠᠭ᠎ᠠ ᠶᠢᠨ ᠬᠢᠷᠢ ᠲᠦᠪᠰᠢᠨ ᠢ ᠲᠠᠰᠤᠷᠠᠯᠲᠠ | ᠦᠭᠡᠢ ᠳᠡᠭᠡᠭᠰᠢᠯᠡᠭᠦᠯᠵᠦ᠂ ᠡᠮ ᠡᠮᠨᠡᠯᠭᠡ ᠶᠢᠨ ᠳᠠᠭᠠᠳᠬᠠᠯ ᠤᠨ ᠪᠡᠯᠡ ᠮᠥᠩᠭᠦ ᠶᠢ ᠵᠦᠶ ᠵᠣᠬᠢᠰᠲᠠᠶ ᠬᠡᠷᠡᠭᠯᠡᠬᠦ᠂ ᠠᠮᠤᠷ | ᠲᠦᠪᠰᠢᠨ ᠢ ᠡᠵᠡᠮᠳᠡᠵᠦ ᠪᠣᠯᠬᠤ ᠶᠢ ᠦᠨᠡᠨᠬᠦ ᠪᠠᠲᠤᠯᠠᠵᠤ᠂ ᠡᠮ ᠡᠮᠨᠡᠯᠭᠡ᠂ ᠡᠮ ᠡᠮᠨᠡᠯᠭᠡ ᠶᠢᠨ ᠳᠠᠭᠠᠳᠬᠠᠯ᠂ ᠡᠮ | ᠡᠮᠨᠡᠯᠭᠡ ᠶᠢᠨ ︽ᠭᠤᠷᠪᠠᠨ ᠡᠮ ᠡᠮᠨᠡᠯᠭᠡ ᠶᠢᠨ ᠬᠤᠯᠪᠣᠭᠠᠯᠠᠨ ᠬᠥᠳᠡᠯᠦᠯᠴᠡᠬᠦ︾ ᠥᠭᠡᠷᠡᠴᠢᠯᠡᠯᠲᠡ ᠶᠢ ᠠᠬᠢᠭᠤᠯᠵᠤ᠂ | ᠠᠷᠠᠳ ᠣᠯᠠᠨ ᠤ ᠡᠪᠡᠳᠴᠢᠨ ᠦᠵᠡᠭᠦᠯᠬᠦ ᠬᠡᠷᠡᠭᠴᠡᠭᠡ ᠱᠠᠭᠠᠷᠳᠠᠯᠭ᠎ᠠ ᠶᠢ ᠨᠠᠩ ᠰᠠᠶᠢᠲᠤᠷ ᠪᠠᠲᠤᠯᠠᠵᠤ᠂ ᠡᠮ | ᠡᠮᠨᠡᠯᠭᠡ ᠶᠢᠨ ᠵᠠᠷᠤᠳᠠᠯ ᠤᠨ ᠳᠠᠷᠤᠭᠠᠰᠤ ᠶᠢ ᠬᠥᠩᠭᠡᠷᠡᠭᠦᠯᠦᠨ᠎ᠡ᠃ | ︵ᠠᠷᠪᠠᠨ ᠭᠤᠷᠪᠠ︶ ᠬᠤᠯᠪᠣᠭᠳᠠᠯ ᠪᠦᠬᠦᠢ ᠡᠭᠦᠷᠭᠡ ᠬᠠᠷᠢᠭᠤᠴᠠᠯᠭ᠎ᠠ ᠶᠢᠨ ᠬᠤᠪᠢᠶᠠᠷᠢᠯᠠᠯ᠃ ᠰᠢᠩ ᠾᠧ | ᠰᠢᠶᠠᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠲᠠᠢ ᠬᠤᠯᠪᠣᠭᠳᠠᠬᠤ ᠡᠭᠦᠷᠭᠡ ᠬᠠᠷᠢᠭᠤᠴᠠᠯᠭ᠎ᠠ ᠶᠢᠨ | ᠬᠤᠪᠢᠶᠠᠷᠢᠯᠠᠯ᠃ ᠰᠢᠩ ᠾᠧ ᠰᠢᠶᠠᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ᠂ ᠰᠢᠩ ᠾᠧ ᠰᠢᠶᠠᠨ ᠤ | ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠵᠡᠷᠭᠡ ᠰᠠᠯᠠᠭ᠎ᠠ ᠮᠥᠴᠢᠷ ᠤᠳ ᠡᠮᠴᠢᠯᠡᠭᠡ᠂ ᠡᠮᠴᠢᠯᠡᠭᠡᠨ ᠤ ᠳᠠᠭᠠᠳᠬᠠᠯ᠂ | ᠡᠮ ᠡᠮᠨᠡᠯᠭᠡ ᠵᠡᠷᠭᠡ ᠲᠠᠯ᠎ᠠ ᠪᠠᠷ ᠲᠦᠷᠢᠮ᠂ ᠲᠥᠷᠥ ᠶᠢᠨ ᠪᠣᠳᠣᠯᠭ᠎ᠠ ᠶᠢᠨ ᠵᠣᠯᠭᠠᠯᠴᠠᠭ᠎ᠠ ᠶᠢ ᠴᠢᠩᠭᠠᠳᠬᠠᠵᠤ᠂ | ᠨᠡᠪᠲᠡᠷᠡᠯᠴᠡᠨ ᠵᠥᠪᠳᠡᠯᠴᠡᠬᠦ ᠲᠣᠭᠲᠠᠴᠠ ᠶᠢ ᠪᠠᠶᠢᠭᠤᠯᠤᠨ᠂ ᠥᠭᠡᠷᠡᠴᠢᠯᠡᠯᠲᠡ ᠶᠢ ᠬᠠᠮᠵᠢᠯᠴᠠᠨ ᠠᠬᠢᠭᠤᠯᠵᠤ᠂ | ᠡᠮᠴᠢᠯᠡᠭᠡᠨ ᠤ ᠡᠬᠢ ᠪᠠᠶᠠᠯᠢᠭ ᠤᠨ ᠬᠡᠷᠡᠭᠯᠡᠯᠲᠡ ᠶᠢᠨ ᠦᠷ᠎ᠡ ᠪᠦᠲᠦᠮᠵᠢ ᠪᠠ ᠡᠮᠴᠢᠯᠡᠭᠡᠨ ᠤ ᠪᠠᠲᠤᠯᠠᠭ᠎ᠠ ᠶᠢᠨ ᠬᠢᠷᠢ | ᠲᠦᠪᠰᠢᠨ ᠢ ᠳᠡᠭᠡᠭᠰᠢᠯᠡᠭᠦᠯᠦᠨ᠎ᠡ᠃ | ᠰᠢᠩ ᠾᠧ ᠰᠢᠶᠠᠨ ᠤ ᠡᠮ ᠡᠮᠨᠡᠯᠭᠡ ᠶᠢᠨ ᠪᠠᠲᠤᠯᠠᠭ᠎ᠠ ᠶᠢᠨ ᠲᠣᠪᠴᠢᠶ᠎ᠠ ᠳᠣᠤᠷᠠᠬᠢ ᠮᠡᠲᠦ ᠳᠣᠲᠣᠭᠠᠳᠤ | ᠪᠠᠶᠢᠭᠤᠯᠤᠮᠵᠢ ᠲᠣᠬᠢᠷᠠᠭᠤᠯᠪᠠ᠄ | ︵ᠨᠢᠭᠡ︶ ᠠᠯᠪᠠᠨ ᠭᠡᠷ᠃ ᠪᠠᠶᠢᠭᠤᠯᠭ᠎ᠠ ᠶᠢᠨ ᠡᠳᠦᠷ ᠲᠤᠲᠤᠮ ᠤᠨ ᠠᠵᠢᠯ ᠢ ᠬᠠᠷᠢᠭᠤᠴᠠᠵᠤ᠂ | ᠪᠠᠶᠢᠭᠤᠯᠭ᠎ᠠ ᠶᠢᠨ ᠵᠠᠰᠠᠭ ᠵᠠᠬᠢᠷᠭᠠᠨ ᠤ ᠬᠡᠷᠡᠭ ᠶᠠᠪᠤᠳᠠᠯ᠂ ᠪᠢᠴᠢᠭ ᠬᠠᠷ᠎ᠠ ᠳᠠᠩᠰᠠ ᠡᠪᠬᠡᠮᠡᠯ᠂ ᠠᠮᠤᠷ ᠲᠦᠪᠰᠢᠨ᠂ | ᠨᠢᠭᠤᠴᠠ ᠶᠢ ᠬᠠᠮᠠᠭᠠᠯᠠᠬᠤ᠂ ᠵᠠᠬᠢᠳᠠᠯ ᠰᠤᠷᠪᠤᠯᠵᠢᠯᠠᠯ᠂ ᠵᠠᠰᠠᠭ ᠤᠨ ᠶᠠᠪᠤᠳᠠᠯ ᠢ ᠢᠯᠡ ᠪᠣᠯᠭᠠᠬᠤ᠂ ᠬᠠᠮᠲᠤᠷᠠᠯᠴᠠᠭ᠎ᠠ | ᠰᠣᠯᠢᠯᠴᠠᠭ᠎ᠠ ᠵᠡᠷᠭᠡ ᠠᠵᠢᠯ ᠢ ᠡᠭᠦᠷᠭᠡᠯᠡᠨ᠎ᠡ᠃ ᠪᠠᠶᠢᠭᠤᠯᠭ᠎ᠠ ᠶᠢᠨ ᠡᠳ᠋ ᠤᠨ ᠶᠠᠪᠤᠳᠠᠯ᠂ ᠡᠳ᠋ ᠬᠥᠷᠥᠩᠭᠡ ᠶᠢᠨ | ᠬᠠᠮᠢᠶᠠᠷᠤᠯᠲᠠ ᠶᠢᠨ ᠠᠵᠢᠯ ᠢ ᠡᠭᠦᠷᠭᠡᠯᠡᠵᠦ᠂ ᠡᠮᠴᠢᠯᠡᠭᠡᠨ ᠤ ᠪᠠᠲᠤᠯᠠᠭ᠎ᠠ ᠶᠢᠨ ᠮᠡᠳᠡᠭᠡ ᠵᠠᠩᠭᠢᠵᠢᠯᠲᠠ ᠶᠢᠨ | ᠪᠠᠶᠢᠭᠤᠯᠤᠯᠲᠠ ᠶᠢ ᠠᠬᠢᠭᠤᠯᠤᠨ᠎ᠠ᠃ ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ ᠤᠨ ᠬᠠᠤᠯᠢ ᠶᠣᠰᠣᠴᠢ ᠴᠢᠨᠠᠷ ᠢ | ᠬᠢᠨᠠᠨ ᠪᠠᠶᠢᠴᠠᠭᠠᠬᠤ ᠪᠠ ᠵᠠᠰᠠᠭ ᠵᠠᠬᠢᠷᠭᠠᠨ ᠤ ᠳᠠᠬᠢᠨ ᠵᠥᠪᠯᠡᠬᠦ᠂ ᠵᠠᠰᠠᠭ ᠵᠠᠬᠢᠷᠭᠠᠨ ᠤ ᠵᠠᠷᠭᠤ ᠬᠦᠯᠢᠶᠡᠬᠦ ᠠᠵᠢᠯ ᠢ | ᠡᠭᠦᠷᠭᠡᠯᠡᠨ᠎ᠡ᠃ ᠪᠦᠬᠦ ᠰᠢᠶᠠᠨ ᠤ ᠡᠮ ᠡᠮᠨᠡᠯᠭᠡ ᠶᠢᠨ ᠪᠠᠲᠤᠯᠠᠭ᠎ᠠ ᠶᠢᠨ ᠰᠠᠭᠤᠷᠢ ᠮᠥᠩᠭᠦ ᠶᠢᠨ ᠲᠥᠰᠦᠪ ᠪᠠ | ᠲᠥᠰᠦᠪ ᠤᠨ ᠭᠦᠢᠴᠡᠳᠬᠡᠯ ᠤᠨ ᠲᠥᠰᠦᠯ ᠢ ᠵᠣᠬᠢᠶᠠᠨ ᠪᠠᠶᠢᠭᠤᠯᠤᠨ ᠨᠠᠶᠢᠷᠠᠭᠤᠯᠤᠨ ᠵᠣᠬᠢᠶᠠᠨ᠎ᠠ᠃ ᠡᠮᠴᠢᠯᠡᠭᠡᠨ ᠤ | ᠪᠠᠲᠤᠯᠠᠭ᠎ᠠ ᠶᠢᠨ ᠰᠠᠭᠤᠷᠢ ᠮᠥᠩᠭᠦ ᠶᠢᠨ ᠠᠵᠢᠯᠯᠠᠭᠠᠨ ᠤ ᠲᠥᠯᠥᠪᠵᠢᠭᠦᠯᠭᠡ ᠶᠢ ᠵᠣᠬᠢᠶᠠᠨ ᠪᠠᠶᠢᠭᠤᠯᠤᠨ | ᠬᠡᠷᠡᠭᠵᠢᠭᠦᠯᠦᠨ᠎ᠡ᠃ ᠳᠡᠭᠡᠭᠰᠢ ᠮᠡᠳᠡᠭᠦᠯᠬᠦ ᠡᠮ ᠡᠮᠨᠡᠯᠭᠡ ᠶᠢᠨ ᠪᠠᠲᠤᠯᠠᠭ ᠤᠨ ᠡᠯ᠎ᠡ ᠲᠥᠷᠥᠯ ᠤᠨ ᠡᠳ᠋ ᠤᠨ | ᠶᠠᠪᠤᠳᠠᠯ ᠤᠨ ᠲᠤᠭ᠎ᠠ ᠪᠦᠷᠢᠳᠬᠡᠯ ᠤᠨ ᠮᠡᠳᠡᠭᠦᠯᠬᠦ ᠬᠦᠰᠦᠨᠦᠭᠲᠦ ᠶᠢ᠃ ᠰᠠᠬᠤᠷᠢ ᠮᠦᠩᠭᠦ ᠴᠤᠭᠯᠠᠬᠤᠯᠬᠤ | ᠬᠠᠮᠢᠶᠠᠷᠤᠯᠲᠠ ᠶᠢᠨ ᠠᠵᠢᠯ ᠢ ᠰᠠᠶᠢᠲᠤᠷ ᠬᠢᠬᠦ ᠬᠡᠷᠡᠭᠲᠡᠶ᠃ ᠪᠠᠶᠢᠭᠤᠯᠤᠯᠭ᠎ᠠ ᠪᠠ ᠰᠢᠭᠤᠳ ᠬᠠᠷᠢᠶ᠎ᠠ ᠨᠢᠭᠡᠴᠡ ᠶᠢᠨ | ᠲᠥᠰᠥᠪ ᠪᠠ ᠲᠥᠰᠥᠪ ᠢ ᠡᠭᠦᠷᠭᠡᠯᠡᠨ᠎ᠡ᠃ ᠪᠠᠶᠢᠭᠤᠯᠭ᠎ᠠ ᠪᠣᠯᠤᠨ ᠰᠢᠭᠤᠳ ᠬᠠᠷᠢᠶ᠎ᠠ ᠨᠢᠭᠡᠴᠢ ᠶᠢᠨ ᠨᠠᠮ ᠪᠠ ᠣᠯᠠᠨ | ᠲᠦᠮᠡᠨ᠂ ᠰᠠᠬᠢᠯᠭ᠎ᠠ ᠪᠠᠲᠤ ᠪᠠᠶᠢᠴᠠᠭᠠᠬᠤ ᠵᠡᠷᠭᠡ ᠠᠵᠢᠯ ᠢ ᠬᠠᠷᠢᠭᠤᠴᠠᠵᠤ᠂ ᠪᠠᠶᠢᠭᠤᠯᠭ᠎ᠠ ᠪᠣᠯᠤᠨ ᠰᠢᠭᠤᠳ ᠬᠠᠷᠢᠶ᠎ᠠ | ᠨᠢᠭᠡᠴᠢ ᠶᠢᠨ ᠠᠵᠢᠯᠲᠠᠨ ᠤ ᠶᠠᠪᠤᠳᠠᠯ ᠤᠨ ᠬᠠᠮᠢᠶᠠᠷᠤᠯᠲᠠ᠂ ᠪᠠᠶᠢᠭᠤᠯᠤᠮᠵᠢ ᠶᠢᠨ ᠣᠷᠣᠨ ᠲᠤᠭ᠎ᠠ᠂ ᠬᠥᠮᠦᠵᠢᠯ | ᠪᠣᠯᠪᠠᠰᠤᠷᠠᠭᠤᠯᠤᠯ᠂ ᠡᠩᠨᠡᠭᠡᠨ ᠤ ᠪᠠᠶᠢᠭᠤᠯᠤᠯᠲᠠ ᠶᠢᠨ ᠰᠠᠬᠢᠯᠭ᠎ᠠ ᠪᠠᠲᠤ ᠪᠠᠶᠢᠴᠠᠭᠠᠬᠤ ᠵᠡᠷᠭᠡ ᠠᠵᠢᠯ ᠢ ᠡᠭᠦᠷᠭᠡᠯᠡᠨ᠎ᠡ᠃ | | ︵ᠬᠤᠶᠠᠷ︶ ᠡᠮ ᠡᠮᠨ᠋ᠡᠯᠭᠡ ᠶᠢᠨ ᠪᠠᠲᠤᠯᠠᠭ᠎ᠠ ᠬᠢᠭᠡᠳ ᠦᠶ᠋ᠯᠡᠴᠢᠯᠡᠭᠡᠨ ᠤ ᠬᠠᠮᠢᠶᠠᠷᠤᠯᠲᠠ ᠶᠢᠨ ᠲᠠᠰᠤᠭ᠃ | ᠡᠮᠴᠢᠯᠡᠭᠡᠨ ᠤ ᠪᠠᠲᠤᠯᠠᠭ᠎ᠠ ᠶᠢᠨ ᠪᠡᠯᠡ ᠬᠤᠷᠠᠮᠳᠤᠭᠤᠯᠬᠤ ᠪᠠ ᠣᠯᠭᠤᠮᠵᠢ ᠶᠢᠨ ᠲᠥᠷᠥ ᠶᠢᠨ ᠪᠣᠳᠣᠯᠭ᠎ᠠ ᠶᠢ | ᠬᠡᠷᠡᠭᠵᠢᠭᠦᠯᠵᠦ᠂ ᠬᠤᠲᠠ ᠬᠥᠳᠡᠭᠡ ᠶᠢᠨ ᠡᠮᠴᠢᠯᠡᠭᠡᠨ ᠤ ᠪᠠᠲᠤᠯᠠᠭ᠎ᠠ ᠶᠢᠨ ᠣᠯᠭᠤᠮᠵᠢ ᠶᠢᠨ ᠪᠠᠷᠢᠮᠵᠢᠶ᠎ᠠ ᠶᠢ ᠨᠢᠭᠡᠳᠦᠯᠲᠡᠶ | ᠲᠥᠯᠥᠪᠯᠡᠨ᠎ᠡ᠃ ᠣᠯᠠᠨ ᠳᠡᠰ ᠳᠠᠪᠬᠤᠷᠭ᠎ᠠ ᠶᠢᠨ ᠡᠮᠴᠢᠯᠡᠭᠡᠨ ᠤ ᠪᠠᠲᠤᠯᠠᠭ᠎ᠠ ᠶᠢᠨ ᠰᠢᠰᠲ᠋ᠧᠮᠵᠢ ᠶᠢᠨ ᠪᠠᠶᠢᠭᠤᠯᠤᠯᠲᠠ ᠶᠢ | ᠨᠢᠭᠡᠳᠦᠯᠲᠡᠶ ᠲᠥᠯᠥᠪᠯᠡᠨ ᠲᠦᠯᠬᠢᠨ ᠠᠬᠢᠭᠤᠯᠤᠨ᠎ᠠ᠃ ᠡᠮᠴᠢᠯᠡᠭᠡᠨ ᠤ ᠪᠠᠲᠤᠯᠠᠭ᠎ᠠ ᠶᠢᠨ ᠬᠠᠷᠢᠴᠠᠭ᠎ᠠ ᠶᠢ ᠰᠢᠯᠵᠢᠭᠦᠯᠦᠨ | ᠦᠷᠭᠦᠯᠵᠢᠯᠡᠭᠦᠯᠬᠦ ᠲᠦᠷᠢᠮ ᠢ ᠬᠡᠷᠡᠭᠵᠢᠭᠦᠯᠦᠨ᠎ᠡ᠃ ᠳᠡᠭᠡᠳᠦ ᠱᠠᠲᠤᠨ ᠤ ᠲᠣᠭᠲᠠᠭᠠᠭᠰᠠᠨ ᠤᠷᠲᠤ ᠬᠤᠭᠤᠴᠠᠭᠠᠨ ᠤ | ᠰᠤᠪᠢᠯᠠᠯᠲᠠ ᠶᠢᠨ ᠳᠠᠭᠠᠳᠬᠠᠯ ᠤᠨ ᠳᠦᠷᠢᠮ ᠤᠨ ᠥᠭᠡᠷᠡᠴᠢᠯᠡᠯᠲᠡ ᠶᠢᠨ ᠲᠥᠰᠦᠯ ᠢ ᠬᠡᠷᠡᠭᠵᠢᠭᠦᠯᠬᠦ ᠶᠢᠨ ᠬᠠᠮᠲᠤ | ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ ᠡᠮᠴᠢᠯᠡᠭᠡᠨ ᠤ ᠳᠠᠭᠠᠳᠬᠠᠯ ᠤᠨ ᠭᠠᠷᠴᠠᠭ ᠪᠠ ᠲᠣᠭᠠᠴᠠᠭ᠎ᠠ ᠬᠢᠬᠦ | ᠪᠠᠷᠢᠮᠵᠢᠶ᠎ᠠ ᠶᠢ ᠬᠡᠷᠡᠭᠵᠢᠭᠦᠯᠵᠦ᠂ ᠬᠥᠳᠡᠯᠦᠩᠭᠦᠶ ᠪᠠᠷ ᠳᠣᠭᠢᠷᠠᠭᠤᠯᠬᠤ ᠲᠣᠭᠲᠠᠴᠠ ᠶᠢ ᠪᠠᠶᠢᠭᠤᠯᠤᠨ᠂ ᠤᠯᠤᠰ ᠤᠨ | ᠡᠮᠴᠢᠯᠡᠭᠡᠨ ᠤ ᠳᠠᠭᠠᠳᠬᠠᠯ ᠤᠨ ᠭᠠᠷᠴᠠᠭ ᠤᠨ ᠵᠥᠪᠰᠢᠶᠡᠷᠡᠨ ᠣᠷᠣᠭᠤᠯᠬᠤ ᠬᠡᠯᠡᠯᠴᠡᠭᠡᠷ ᠤᠨ ᠲᠦᠷᠢᠮ ᠢ | ᠲᠤᠤᠱᠯᠠᠭᠤᠯᠤᠨ ᠬᠡᠷᠡᠭᠵᠢᠭᠦᠯᠦᠨ᠎ᠡ᠃ ᠴᠢᠭ ᠲᠣᠭᠲᠠᠭᠠᠭᠰᠠᠨ ᠡᠮ ᠡᠮᠨᠡᠯᠭᠡ ᠶᠢᠨ ᠪᠠᠶᠢᠭᠤᠯᠤᠮᠵᠢ ᠶᠢᠨ ᠡᠮᠴᠢᠯᠡᠭᠡᠨ ᠤ | ᠳᠠᠭᠠᠳᠬᠠᠯ ᠤᠨ ᠵᠥᠪᠳᠡᠯᠴᠡᠭᠡ ᠪᠠ ᠲᠣᠭᠠᠴᠠᠭ᠎ᠠ ᠬᠢᠬᠦ᠂ ᠣᠨᠳᠣᠤ ᠭᠠᠵᠠᠷ ᠲᠤ ᠡᠮᠨᠡᠭᠦᠯᠬᠦ ᠬᠠᠮᠢᠶᠠᠷᠤᠯᠲᠠ ᠶᠢᠨ ᠠᠷᠭ᠎ᠠ | ᠪᠠ ᠳ᠋ᠦᠩᠨᠡᠨ ᠪᠤᠳᠤᠬᠤ ᠲᠥᠷᠥ ᠶᠢᠨ ᠪᠣᠳᠣᠯᠭ᠎ᠠ ᠶᠢ ᠬᠡᠷᠡᠭᠵᠢᠭᠦᠯᠵᠦ ᠲᠡᠭᠦᠯᠳᠡᠷᠵᠢᠭᠦᠯᠦᠨ᠎ᠡ᠃ ᠡᠮᠴᠢᠯᠡᠭᠡᠨ ᠤ | ᠳᠠᠭᠠᠳᠬᠠᠯ ᠤᠨ ᠮᠦᠩᠭᠦ ᠣᠯᠭᠤᠬᠤ ᠠᠷᠭ᠎ᠠ ᠮᠠᠶ᠋ᠢᠭ ᠤᠨ ᠦᠭᠡᠷᠡᠴᠢᠯᠡᠯᠲᠡ ᠶᠢ ᠠᠬᠢᠭᠤᠯᠬᠤ ᠬᠡᠷᠡᠭᠲᠡᠢ᠃ ᠤᠯᠤᠰ᠂ | ᠥᠪᠡᠷᠲᠡᠭᠡᠨ ᠵᠠᠰᠠᠬᠤ ᠣᠷᠣᠨ᠂ ᠤᠯᠠᠭᠠᠨᠴᠠᠪ ᠬᠤᠲᠠ ᠶᠢᠨ ᠱᠠᠭᠠᠷᠳᠠᠯᠭ᠎ᠠ ᠶᠣᠰᠣᠭᠠᠷ᠂ ᠡᠮ ᠤᠨ ᠵᠦᠶ᠋ᠯ᠂ | ᠡᠮᠴᠢᠯᠡᠭᠡᠨ ᠳᠤ ᠬᠡᠷᠡᠭᠯᠡᠬᠦ ᠬᠤᠷᠣᠭᠳᠠᠯ ᠮᠠᠲ᠋ᠧᠷᠢᠶᠠᠯ᠂ ᠡᠮᠴᠢᠯᠡᠭᠡᠨ ᠤ ᠮᠡᠷᠭᠡᠵᠢᠯ ᠤᠨ ᠠᠵᠤ ᠠᠬᠤᠶ ᠶᠢᠨ ᠴᠢᠨᠠᠷᠲᠠᠶ | ᠦᠨᠡᠯᠡᠯᠲᠡ ᠶᠢ ᠵᠣᠬᠢᠶᠠᠨ ᠪᠠᠶᠢᠭᠤᠯᠤᠨ ᠥᠷᠨᠢᠭᠦᠯᠦᠨ᠎ᠡ᠃ | ︵ᠭᠤᠷᠪᠠ︶ ᠰᠠᠭᠤᠷᠢ ᠮᠥᠩᠭᠦ ᠶᠢᠨ ᠬᠢᠨᠠᠯᠲᠠ ᠬᠠᠮᠢᠶᠠᠷᠤᠯᠲᠠ ᠪᠣᠯᠤᠨ ᠡᠮ ᠡᠮᠨᠡᠯᠭᠡ ᠶᠢᠨ ᠦᠨ᠎ᠡ | ᠬᠠᠩᠰᠢ ᠶᠢᠨ ᠳᠠᠭᠠᠭᠠᠴᠢᠯᠠᠯᠲᠠ ᠵᠠᠷᠯᠠᠵᠤ ᠬᠤᠳᠠᠯᠳᠤᠨ ᠠᠪᠬᠤ ᠰᠲ᠋ᠣᠺ᠃ ᠪᠦᠬᠦ ᠰᠢᠶᠠᠨ ᠤ ᠡᠮᠴᠢᠯᠡᠭᠡᠨ ᠤ | ᠪᠠᠲᠤᠯᠠᠭ᠎ᠠ ᠶᠢᠨ ᠰᠠᠭᠤᠷᠢ ᠮᠥᠩᠭᠦ ᠶᠢᠨ ᠬᠢᠨᠠᠯᠲᠠ ᠬᠠᠮᠢᠶᠠᠷᠤᠯᠲᠠ ᠶᠢᠨ ᠠᠷᠭ᠎ᠠ ᠶᠢ ᠵᠣᠬᠢᠶᠠᠨ ᠪᠠᠶᠢᠭᠤᠯᠤᠨ | ᠲᠣᠭᠲᠠᠭᠠᠬᠤ ᠶᠢᠨ ᠬᠠᠮᠲᠤ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ ᠡᠮᠴᠢᠯᠡᠭᠡᠨ ᠤ ᠪᠠᠲᠤᠯᠠᠭ᠎ᠠ ᠶᠢᠨ ᠰᠠᠭᠤᠷᠢ | ᠮᠥᠩᠭᠦ ᠶᠢᠨ ᠠᠮᠤᠷ ᠲᠦᠪᠰᠢᠨ ᠤ ᠰᠡᠷᠭᠡᠶᠢᠯᠡᠨ ᠡᠵᠡᠮᠳᠡᠬᠦ ᠲᠣᠭᠲᠠᠴᠠ ᠶᠢ ᠪᠠᠶᠢᠭᠤᠯᠤᠨ ᠪᠦᠷᠢᠨᠰᠢᠭᠦᠯᠦᠨ᠎ᠡ᠃ | ᠡᠮᠴᠢᠯᠡᠭᠡᠨ ᠤ ᠪᠠᠲᠤᠯᠠᠭ᠎ᠠ ᠶᠢᠨ ᠢᠲᠡᠭᠡᠮᠵᠢ ᠶᠢᠨ ᠦᠨᠡᠯᠡᠯᠲᠡ ᠶᠢᠨ ᠰᠢᠰᠲ᠋ᠧᠮᠵᠢ ᠪᠣᠯᠤᠨ ᠮᠡᠳᠡᠭᠡ ᠵᠠᠩᠭᠢ ᠨᠡᠶᠢᠲᠡᠯᠡᠬᠦ | ᠳᠦᠷᠢᠮ ᠢ ᠪᠠᠶᠢᠭᠤᠯᠤᠨ ᠪᠦᠷᠢᠨᠰᠢᠭᠦᠯᠦᠨ᠎ᠡ᠃ ᠡᠮᠴᠢᠯᠡᠭᠡᠨ ᠤ ᠳᠠᠭᠠᠳᠬᠠᠯ ᠤᠨ ᠲᠣᠭᠠᠴᠠᠭ᠎ᠠ ᠬᠢᠬᠦ ᠬᠡᠪᠴᠢᠶᠡᠨ ᠳᠤ | ᠣᠷᠣᠭᠤᠯᠤᠭᠰᠠᠨ ᠡᠮᠴᠢᠯᠡᠭᠡᠨ ᠤ ᠦᠢᠯᠡᠴᠢᠯᠡᠭᠡᠨ ᠤ ᠦᠢᠯᠡ ᠠᠵᠢᠯᠯᠠᠭ᠎ᠠ ᠪᠠ ᠡᠮᠴᠢᠯᠡᠭᠡᠨ ᠤ ᠵᠠᠷᠤᠳᠠᠯ ᠢ ᠬᠢᠨᠠᠨ | ᠬᠠᠮᠢᠶᠠᠷᠴᠤ᠂ ᠡᠮᠴᠢᠯᠡᠭᠡᠨ ᠤ ᠳᠠᠭᠠᠳᠬᠠᠯ ᠤᠨ ᠭᠠᠷᠲᠠᠨ ᠭᠦᠢᠴᠡᠳᠭᠡᠬᠦ ᠲᠤᠬᠠᠶᠢᠯᠠᠭᠰᠠᠨ ᠠᠵᠢᠯ ᠢ ᠵᠢᠷᠤᠮᠵᠢᠭᠤᠯᠤᠨ᠂ | ᠡᠮᠴᠢᠯᠡᠭᠡᠨ ᠤ ᠪᠠᠲᠤᠯᠠᠭ᠎ᠠ ᠶᠢᠨ ᠬᠦᠷᠢᠶᠡᠨ ᠳᠠᠬᠢ ᠬᠠᠤᠯᠢ ᠲᠣᠭᠲᠠᠭᠠᠯ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ | ᠬᠠᠤᠯᠢ ᠲᠣᠭᠲᠠᠭᠠᠯ ᠶᠣᠰᠣᠭᠠᠷ ᠪᠠᠶᠢᠴᠠᠭᠠᠨ ᠰᠢᠢᠳᠪᠦᠷᠢᠯᠡᠨ᠎ᠡ᠃ ᠤᠯᠤᠰ᠂ ᠥᠪᠡᠷᠲᠡᠭᠡᠨ ᠵᠠᠰᠠᠬᠤ ᠣᠷᠣᠨ᠂ | ᠬᠤᠲᠠ ᠶᠢᠨ ᠡᠮ ᠤᠨ ᠵᠦᠢᠯ᠂ ᠡᠮᠴᠢᠯᠡᠭᠡᠨ ᠳᠤ ᠬᠡᠷᠡᠭᠯᠡᠬᠦ ᠬᠤᠷᠣᠭᠳᠠᠯ ᠮᠠᠲ᠋ᠧᠷᠢᠶᠠᠯ ᠤᠨ ᠦᠨ᠎ᠡ ᠬᠠᠩᠰᠢ ᠶᠢᠨ | ᠲᠥᠷᠥ ᠶᠢᠨ ᠪᠣᠳᠣᠯᠭ᠎ᠠ ᠶᠢ ᠲᠤᠤᠱᠯᠠᠭᠤᠯᠤᠨ ᠨᠠᠢᠳᠠᠪᠤᠷᠢᠵᠢᠭᠤᠯᠬᠤ᠂ ᠡᠮᠴᠢᠯᠡᠭᠡᠨ ᠤ ᠦᠢᠯᠡᠴᠢᠯᠡᠭᠡᠨ ᠤ ᠲᠥᠷᠥᠯ | ᠵᠦᠢᠯ᠂ ᠡᠮᠴᠢᠯᠡᠭᠡᠨ ᠤ ᠦᠢᠯᠡᠴᠢᠯᠡᠭᠡᠨ ᠤ ᠪᠡᠯᠡᠳᠬᠡᠮᠵᠢ ᠶᠢᠨ ᠰᠦᠢᠳᠭᠡᠯ ᠬᠤᠷᠢᠶᠠᠬᠤ ᠵᠡᠷᠭᠡ ᠲᠥᠷᠥ ᠶᠢᠨ | ᠪᠣᠳᠣᠯᠭ᠎ᠠ ᠶᠢ ᠵᠣᠬᠢᠶᠠᠨ ᠪᠠᠢᠭᠤᠯᠤᠨ ᠬᠡᠷᠡᠭᠵᠢᠭᠦᠯᠵᠦ᠂ ᠦᠨ᠎ᠡ ᠬᠠᠩᠰᠢ ᠶᠢᠨ ᠮᠡᠳᠡᠭᠡ ᠵᠠᠩᠭᠢ ᠶᠢ ᠬᠢᠨᠠᠨ ᠰᠢᠨᠵᠢᠬᠦ ᠪᠠ | ᠮᠡᠳᠡᠭᠡ ᠵᠠᠩᠭᠢ ᠨᠡᠢᠲᠡᠯᠡᠬᠦ ᠲᠦᠷᠢᠮ ᠢ ᠪᠠᠢᠭᠤᠯᠤᠨ᠎ᠠ᠃ ᠡᠮ ᠤᠨ ᠵᠦᠢᠯᠡᠰ᠂ ᠡᠮᠴᠢᠯᠡᠭᠡᠨ ᠳᠤ ᠬᠡᠷᠡᠭᠯᠡᠬᠦ ᠬᠤᠷᠣᠭᠳᠠᠯ | ᠮᠠᠲ᠋ᠧᠷᠢᠶᠠᠯ ᠢ ᠳᠠᠭᠠᠭᠠᠴᠢᠯᠠᠯᠲᠠ ᠵᠠᠷᠯᠠᠨ ᠬᠤᠳᠠᠯᠳᠤᠨ ᠠᠪᠬᠤ᠂ ᠲᠣᠬᠢᠷᠠᠭᠤᠯᠤᠨ ᠬᠦᠷᠭᠡᠬᠦ ᠵᠢᠴᠢ ᠳ᠋ᠦᠩᠨᠡᠨ ᠪᠣᠳᠣᠬᠤ | ᠬᠠᠮᠢᠶᠠᠷᠤᠯᠲᠠ ᠶᠢᠨ ᠲᠥᠷᠥ ᠶᠢᠨ ᠪᠣᠳᠣᠯᠭ᠎ᠠ ᠶᠢ ᠬᠡᠷᠡᠭᠵᠢᠭᠦᠯᠬᠦ ᠶᠢᠨ ᠬᠠᠮᠲᠤ ᠬᠢᠨᠠᠯᠲᠠ ᠲᠠᠯᠪᠢᠨ ᠬᠡᠷᠡᠭᠵᠢᠭᠦᠯᠵᠦ᠂ | ᠳᠠᠭᠠᠭᠠᠴᠢᠯᠠᠯᠲᠠ ᠵᠠᠷᠯᠠᠨ ᠬᠤᠳᠠᠯᠳᠤᠨ ᠠᠪᠬᠤ ᠲᠠᠪᠴᠠᠩ ᠤᠨ ᠪᠠᠶᠢᠭᠤᠯᠤᠯᠲᠠ ᠶᠢ ᠠᠬᠢᠭᠤᠯᠬᠤ ᠬᠡᠷᠡᠭᠲᠡᠶ᠃ | ᠨᠢᠭᠡᠴᠡ ᠶᠢᠨ ᠬᠠᠶ᠋ᠢᠭ᠄ ᠰᠢᠩ ᠾᠧ ᠰᠢᠶᠠᠨ ᠤ ᠪᠸᠢ ᠬᠤᠸᠠᠨ ᠠᠷᠠᠳ ᠤᠨ ᠠᠮᠢᠳᠤᠷᠠᠯ ᠤᠨ ᠦᠢᠯᠡᠴᠢᠯᠡᠭᠡᠨ ᠤ | ᠲᠥᠪ ᠤᠨ ᠬᠤᠶᠠᠳᠤᠭᠠᠷ ᠳᠠᠪᠬᠤᠷᠯᠢᠭ᠃ | ᠬᠠᠷᠢᠯᠴᠠᠬᠤ ᠤᠲᠠᠰᠤ᠄ 0474 - 7217169 | ᠠᠯᠪᠠᠯᠠᠬᠤ ᠴᠠᠭ᠄ ᠭᠠᠷᠠᠭ ᠤᠨ ᠨᠢᠭᠡᠨ ᠠᠴᠠ ᠭᠠᠷᠠᠭ ᠤᠨ ᠲᠠᠪᠤᠨ ᠤ 9᠄ 00-12᠄ 00 14᠄ 30 - | 18᠄ 00 | ᠪᠠᠶᠢᠭᠤᠯᠭ᠎ᠠ ᠶᠢᠨ ᠬᠠᠷᠢᠭᠤᠴᠠᠯᠭᠠᠲᠠᠨ ᠤ ᠣᠪᠣᠭ ᠨᠡᠷ᠎ᠡ᠂ ᠲᠢᠶᠠᠨ ᠢᠦᠶ ᠾᠦᠢ | |