︽ᠲᠣᠰᠬᠤᠨ ᠪᠦᠭᠭᠦᠭᠰᠡᠨ ᠤᠷᠤᠰᠬᠠᠯ ᠢ ᠰᠢᠨ᠎ᠡ ᠪᠠᠷ ᠪᠠᠶᠢᠭᠤᠯᠪᠠᠯ᠂ ᠪᠢᠳᠡ ᠤᠰᠤᠯᠠᠵᠤ ᠦᠢᠯᠡᠳᠪᠦᠷᠢᠯᠡᠯ ᠳᠤ | ᠰᠠᠨᠠᠭ᠎ᠠ ᠵᠣᠪᠠᠭᠰᠠᠨ ᠤ ᠬᠡᠷᠡᠭ ᠦᠭᠡᠢ ᠶᠤᠮ︕︾ ᠣᠶᠢᠷ᠎ᠠ ᠳᠤ᠂ ᠳ᠋ᠢᠶᠠᠨ ᠽᠢ ᠪᠠᠯᠭᠠᠰᠤᠨ ᠤ ᠨᠠᠨ ᠸᠠᠨ ᠲᠣᠰᠬᠤᠨ ᠳᠤ᠂ | ᠲᠣᠰᠬᠤᠨ ᠤ ᠠᠷᠠᠳ ᠤᠳᠠᠯ ᠦᠭᠡᠢ ᠪᠠᠶᠢᠭᠤᠯᠤᠭᠳᠠᠬᠤ ᠭᠡᠵᠦ ᠪᠠᠶᠢᠭ᠎ᠠ ᠹᠦ᠋ ᠶᠢᠨ ᠤᠷᠤᠰᠬᠠᠯ ᠤᠨ ᠢᠨᠵᠧᠨᠧᠷᠢᠩ ᠢ ᠦᠵᠡᠭᠡᠳ | ᠪᠠᠶᠠᠷᠲᠠᠢ ᠪᠠᠷ ᠬᠡᠯᠡᠪᠡ᠃ ᠤᠯᠠᠨ ᠲᠦᠮᠡᠨ ᠤ ᠶᠠᠪᠤᠳᠠᠯ ᠳᠤ ᠪᠠᠭ᠎ᠠ ᠶᠠᠪᠤᠳᠠᠯ ᠭᠡᠵᠦ ᠪᠠᠶᠢᠬᠤ ᠦᠭᠡᠢ᠂ ᠲᠠᠷᠢᠶᠠᠨ ᠭᠠᠵᠠᠷ ᠤᠨ | ᠤᠰᠤᠯᠠᠯᠲᠠ ᠨᠢ ᠨᠡᠩ ᠴᠤ ᠠᠮᠤ ᠪᠤᠳᠠᠭᠠᠨ ᠤ ᠦᠢᠯᠡᠳᠪᠦᠷᠢᠯᠡᠯ ᠳᠤ ᠬᠤᠯᠪᠣᠭᠳᠠᠬᠤ ᠵᠠᠩᠭᠢᠯᠠᠭ᠎ᠠ ᠶᠢᠨ ᠶᠡᠭᠡ ᠶᠠᠪᠤᠳᠠᠯ | ᠪᠣᠯᠤᠨ᠎ᠠ᠃ ᠵᠤᠨ ᠣᠷᠣᠭᠰᠠᠨ ᠠᠴᠠ ᠨᠠᠰᠢ᠂ ᠳ᠋ᠢᠶᠠᠨ ᠽᠢ ᠪᠠᠯᠭᠠᠰᠤᠨ ᠤ ︽ᠬᠤᠶᠠᠷ ᠲᠥᠯᠥᠭᠡᠯᠡᠭᠴᠢ ᠨᠢᠭᠡ ᠭᠡᠰᠢᠭᠦᠨ︾ | ᠦᠶᠡᠷ ᠢ ᠰᠡᠷᠭᠡᠶᠢᠯᠡᠵᠦ ᠭᠠᠩ ᠬᠠᠭᠰᠠᠷᠠᠭᠠᠨ ᠲᠠᠢ ᠲᠡᠮᠡᠴᠡᠬᠦ ᠠᠵᠢᠯ ᠢ ᠢᠮᠠᠭᠲᠠ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ | ᠭᠠᠩ ᠬᠠᠭᠰᠠᠷᠠᠭᠠᠨ ᠲᠠᠢ ᠲᠡᠮᠡᠴᠡᠵᠦ ᠤᠰᠤᠯᠠᠯᠲᠠ ᠶᠢ ᠪᠠᠲᠤᠯᠠᠬᠤ ᠶᠢ ᠣᠳᠣᠬᠠᠨ ᠤ ᠲᠠᠷᠢᠶᠠᠯᠠᠩ ᠤᠨ ᠦᠢᠯᠡᠳᠪᠦᠷᠢᠯᠡᠯ ᠤᠨ | ᠲᠡᠷᠢᠭᠦᠨ ᠴᠢᠬᠤᠯᠠ ᠡᠭᠦᠷᠭᠡ ᠪᠣᠯᠭᠠᠵᠤ᠂ ᠣᠯᠠᠨ ᠵᠦᠢᠯ ᠤᠨ ᠠᠷᠭ᠎ᠠ ᠬᠡᠮᠵᠢᠶ᠎ᠡ ᠶᠢ ᠵᠡᠷᠭᠡ ᠪᠠᠷ ᠬᠡᠷᠡᠭᠯᠡᠨ᠂ ᠲᠠᠷᠢᠶᠠᠨ ᠭᠠᠵᠠᠷ ᠢ | ᠴᠠᠭ ᠲᠤᠬᠠᠶ ᠳᠤᠨᠢ ︽ᠤᠮᠳᠠᠭᠠᠶᠢᠯᠠᠵᠤ︾᠂ ᠠᠮᠤ ᠪᠤᠳᠠᠭᠠᠨ ᠤ ᠠᠮᠤᠷ ᠲᠦᠪᠰᠢᠨ ᠢ ᠪᠥᠬᠦ ᠲᠠᠯ᠎ᠠ ᠪᠠᠷ ᠪᠠᠲᠤᠯᠠᠪᠠ᠃ | ᠡᠨᠡ ᠵᠢᠯ ᠤᠨ 7 ᠰᠠᠷ᠎ᠠ ᠳᠤ᠂ ᠳ᠋ᠢᠶᠠᠨ ᠽᠢ ᠪᠠᠯᠭᠠᠰᠤᠨ ᠤ ᠨᠠᠨ ᠸᠠᠨ ᠲᠣᠰᠬᠤᠨ ᠤ ᠠᠷᠠᠳ ᠲᠣᠰᠬᠤᠨ ᠤ | ᠵᠥᠪᠯᠡᠯ ᠳᠤ ᠬᠡᠯᠡᠬᠦ ᠳᠡᠭᠡᠨ᠂ ᠣᠶᠢᠷ᠎ᠠ ᠳᠤ ᠪᠣᠷᠤᠭ᠎ᠠ ᠪᠠᠭ᠎ᠠ ᠪᠠᠶᠢᠵᠤ᠂ ᠴᠢᠬᠢ ᠨᠡᠶᠢᠳᠡᠮ ᠤᠰᠤ ᠳᠤᠲᠠᠭᠳᠠᠵᠤ᠂ ᠲᠣᠰᠬᠤᠨ ᠤ | ᠠᠷᠠᠳ ᠲᠠᠷᠢᠶ᠎ᠠ ᠤᠰᠤᠯᠠᠬᠤ ᠳᠤ ᠮᠠᠰᠢ ᠳᠥᠭᠦᠮ ᠦᠭᠡᠢ ᠪᠠᠶᠢᠨ᠎ᠠ ᠭᠡᠵᠡᠶ᠃ ᠡᠨᠡ ᠬᠦ ᠪᠠᠶᠢᠳᠠᠯ ᠢ ᠮᠡᠳᠡᠭᠰᠡᠨ ᠤ ᠲᠠᠷᠠᠭ᠎ᠠ᠂ | ᠨᠠᠨ ᠸᠠᠨ ᠲᠣᠰᠬᠤᠨ ᠤ ᠨᠠᠮ ᠤᠨ ᠡᠭᠦᠷ ᠤᠨ ᠱᠦᠵᠢ᠂ ᠨᠠᠮ ᠤᠨ ᠲᠥᠯᠥᠭᠡᠯᠡᠭᠴᠢ ᠸᠠᠩ ᠵᠢᠶᠠᠨ ᠭᠦᠸᠧ ᠳᠡᠭᠡᠳᠦ | ᠬᠡᠮᠵᠢᠶ᠎ᠡ ᠪᠠᠷ ᠴᠢᠬᠤᠯᠠᠴᠢᠯᠠᠵᠤ᠂ ᠨᠠᠨ ᠸᠠᠨ ᠲᠣᠰᠬᠤᠨ ᠤ ︽ᠬᠤᠶᠠᠷ ᠵᠥᠪᠯᠡᠯ︾᠂ ᠲᠣᠰᠬᠤᠨ ᠳᠤ ᠰᠠᠭᠤᠭ᠎ᠠ ᠠᠵᠢᠯᠯᠠᠬᠤ | ᠠᠩᠬᠢ ᠵᠢᠴᠢ ᠲᠥᠯᠥᠭᠡᠯᠡᠭᠴᠢ ᠭᠡᠰᠢᠭᠦᠳ ᠢ ᠤᠯᠠᠨ ᠤᠳᠠᠭ᠎ᠠ ᠵᠣᠬᠢᠶᠠᠨ ᠪᠠᠶᠢᠭᠤᠯᠵᠤ ᠲᠤᠬᠠᠢ ᠶᠢᠨ ᠲᠠᠯᠠᠪᠠᠢ ᠳᠤ ᠬᠦᠷᠴᠦ | ᠪᠣᠳᠠᠲᠠᠢ ᠪᠠᠶᠢᠳᠠᠯ ᠢ ᠣᠶᠢᠯᠠᠭᠠᠵᠤ᠂ ᠨᠠᠨ ᠸᠠᠨ ᠭᠤᠣᠯ ᠤᠨ ᠵᠠᠮ ᠤᠨ ᠤᠰᠤᠨ ᠤ ᠲᠠᠷᠬᠠᠯᠲᠠ ᠶᠢᠨ ᠪᠠᠶᠢᠳᠠᠯ ᠵᠢᠴᠢ ᠲᠠᠷᠢᠶᠠᠨ | ᠭᠠᠵᠠᠷ ᠢ ᠤᠰᠤᠯᠠᠯᠲᠠ ᠶᠢᠨ ᠪᠠᠶᠢᠳᠠᠯ ᠢ ᠰᠤᠳᠤᠯᠤᠨ ᠮᠠᠭᠠᠳᠯᠠᠪᠠ᠃ ᠡᠴᠦᠰ ᠲᠡᠭᠡᠨ ᠲᠣᠰᠬᠤᠨ ᠤ ᠠᠷᠠᠳ ᠤᠨ ᠶᠡᠭᠡ | ᠬᠤᠷᠠᠯ ᠢᠶᠠᠷ ᠶᠠᠷᠢᠯᠴᠠᠭᠤᠯᠤᠭᠰᠠᠨ ᠤ ᠳᠠᠷᠠᠭ᠎ᠠ᠂ ᠲᠣᠰᠬᠤᠨ ᠤ ᠱᠠᠲᠤᠨ ᠤ ᠬᠠᠮᠲᠤ ᠶᠢᠨ ᠠᠵᠤ ᠠᠬᠤᠶ ᠶᠢᠨ ᠳᠣᠲᠣᠷ᠎ᠠ ᠠᠴᠠ | 16.5 ᠲᠦᠮᠡᠨ ᠲᠥᠭᠦᠷᠢᠭ ᠭᠠᠷᠭᠠᠵᠤ᠂ ᠳ᠋ᠠ ᠾᠧᠢ ᠭᠧᠦ ᠶᠢᠨ ᠤᠰᠤᠯᠠᠯᠲᠠ ᠶᠢᠨ ᠲᠠᠷᠢᠶᠠᠨ ᠭᠠᠵᠠᠷ ᠢ ᠪᠦᠭᠭᠦᠨ | ᠤᠷᠤᠰᠬᠠᠬᠤ ᠢᠨᠵᠧᠨᠧᠷᠢᠩ ᠳᠤ ᠬᠡᠷᠡᠭᠯᠡᠬᠦ ᠪᠠᠷ ᠲᠣᠭᠲᠠᠪᠠ᠃ | ᠲᠣᠰ ᠤᠳᠠᠭᠠᠨ ᠤ ᠪᠦᠭᠭᠦᠨ ᠤᠷᠤᠰᠬᠠᠯ ᠤᠨ ᠢᠨᠵᠧᠨᠧᠷᠢᠩ ᠤᠨ ᠤᠷᠤᠭᠰᠢᠲᠠᠶ ᠶᠠᠪᠤᠭᠳᠠᠬᠤ ᠶᠢ ᠪᠠᠲᠤᠯᠠᠬᠤ ᠶᠢᠨ | ᠲᠥᠯᠥᠭᠡ᠂ ᠲᠥᠯᠥᠭᠡᠯᠡᠭᠴᠢ ᠭᠡᠰᠢᠭᠦᠳ ᠤᠷᠢᠳᠴᠢᠯᠠᠨ ᠲᠥᠯᠥᠪᠯᠡᠵᠦ᠂ ᠪᠠᠷᠢᠯᠭ᠎ᠠ ᠶᠢᠨ ᠵᠣᠬᠢᠶᠠᠨ ᠪᠠᠶᠢᠭᠤᠯᠤᠯᠲᠠ᠂ ᠮᠠᠰᠢᠨ | ᠲᠥᠬᠦᠭᠡᠷᠦᠮᠵᠢ᠂ ᠲᠤᠬᠠᠶ ᠶᠢᠨ ᠲᠠᠯᠠᠪᠤᠷ ᠤᠨ ᠠᠮᠤᠷ ᠲᠦᠪᠰᠢᠨ ᠵᠡᠷᠭᠡ ᠪᠠᠷᠢᠯᠭ᠎ᠠ ᠶᠢᠨ ᠲᠥᠰᠦᠯ ᠳᠤ ᠪᠥᠬᠦ ᠲᠠᠯ᠎ᠠ ᠶᠢᠨ | ᠬᠢᠨᠠᠯᠲᠠ ᠲᠠᠯᠪᠢᠵᠤ᠂ ᠪᠠᠷᠢᠯᠭ᠎ᠠ ᠶᠢᠨ ᠤᠷᠤᠭᠰᠢᠲᠠᠶ ᠬᠡᠷᠡᠭᠵᠢᠭᠦᠯᠦᠭᠳᠡᠬᠦ ᠶᠢ ᠪᠥᠬᠦ ᠬᠦᠴᠦᠨ ᠢᠶᠠᠷ ᠢᠶᠠᠨ ᠪᠠᠲᠤᠯᠠᠪᠠ᠃ | ᠣᠳᠣ ᠶᠢᠨ ᠨᠠᠨ ᠸᠠᠨ ᠲᠣᠰᠬᠤᠨ ᠤ ᠳ᠋ᠠ ᠾᠸᠢ ᠭᠧᠦ᠂ ᠮᠠᠯᠲᠠᠭᠤᠷ ᠮᠠᠰᠢᠨ᠂ ᠪᠠᠷᠠᠭ᠎ᠠ ᠵᠥᠭᠡᠭᠡᠪᠦᠷᠢᠯᠡᠬᠦ ᠮᠠᠰᠢᠨ ᠨᠠᠰᠢ | ᠴᠠᠰᠢ ᠰᠦᠯᠵᠢᠯᠳᠦᠵᠦ᠂ ᠲᠡᠷᠭᠡᠨ ᠳᠠᠭᠤᠨ ᠬᠦᠩᠭᠢᠨᠡᠵᠦ᠂ ᠲᠥᠯᠥᠭᠡᠯᠡᠭᠴᠢ ᠭᠡᠰᠢᠭᠦᠨ ᠪᠣᠯᠤᠨ ᠤᠯᠠᠨ ᠲᠦᠮᠡᠨ ᠬᠤᠰᠤᠭᠤᠷ᠂ | ᠠᠷᠴᠢᠭᠤᠷ ᠵᠡᠷᠭᠡ ᠪᠠᠭᠠᠵᠢ ᠬᠡᠷᠡᠭᠰᠡᠯ ᠢᠶᠠᠨ ᠠᠪᠴᠤ ᠬᠤᠭ ᠨᠣᠪᠰᠢ ᠳᠡᠪᠢᠰᠪᠡ ᠁ ᠪᠠᠷᠢᠯᠭ᠎ᠠ ᠶᠢᠨ ᠲᠤᠬᠠᠢ ᠶᠢᠨ ᠲᠠᠯᠠᠪᠠᠢ | ᠭᠠᠯ ᠬᠠᠯᠠᠭᠤᠨ ᠪᠠᠶᠢᠯ᠎ᠠ᠃ | ᠣᠳᠣᠬᠠᠨ ᠪᠣᠯᠲᠠᠯ᠎ᠠ᠂ ᠨᠠᠨ ᠸᠠᠨ ᠲᠣᠰᠬᠤᠨ ᠤ ᠳ᠋ᠠ ᠾᠧᠢ ᠭᠧᠦ ᠶᠢᠨ ᠪᠦᠭᠭᠦᠵᠦ ᠤᠷᠤᠰᠬᠠᠯ ᠤᠨ ᠲᠦᠷᠦᠯ ᠵᠦᠢᠯ | ᠨᠢᠭᠡᠨᠲᠡ 470 ᠭᠠᠷᠤᠢ ᠮᠧᠳ᠋ᠷ ᠳᠠᠭᠤᠰᠴᠤ᠂ ᠲᠠᠷᠢᠶᠠᠨ ᠭᠠᠵᠠᠷ ᠤᠨ ᠪᠤᠯᠠᠬᠤ ᠬᠤᠭᠤᠯᠠᠢ ᠨᠢᠭᠡᠨᠲᠡ 900 ᠭᠠᠷᠤᠢ ᠮᠧᠳ᠋ᠷ | ᠳᠡᠪᠢᠰᠴᠦ᠂ ᠵᠢᠱᠢᠯᠲᠡ ᠪᠠᠷ 8 ᠰᠠᠷ᠎ᠠ ᠶᠢᠨ ᠰᠡᠭᠦᠯᠴᠢ ᠪᠠᠷ ᠠᠵᠢᠯ ᠢᠶᠠᠨ ᠳᠠᠭᠤᠰᠬᠠᠨ᠎ᠠ᠃ ︽ᠡᠨᠡ ᠬᠦ ᠢᠨᠵᠧᠨᠧᠷᠢᠩ ᠢ | ᠪᠡᠶᠡᠯᠡᠭᠦᠯᠦᠭᠰᠡᠨ ᠤ ᠳᠠᠷᠠᠭ᠎ᠠ ᠲᠣᠰᠬᠤᠨ ᠤ ᠠᠷᠠᠳ ᠢ ᠬᠠᠪᠰᠤᠷᠤᠨ 320 ᠭᠠᠷᠤᠶ ᠮᠥ ᠲᠠᠷᠢᠶᠠᠨ ᠭᠠᠵᠠᠷ ᠤᠰᠤᠯᠠᠵᠤ᠂ | ᠡᠷᠬᠢᠨ ᠲᠣᠭᠤᠷᠢᠨ ᠤ 136 ᠡᠷᠦᠬᠡ ᠶᠢᠨ 376 ᠬᠥᠮᠦᠨ ᠳᠤ ᠠᠰᠢᠭ ᠬᠦᠷᠲᠡᠭᠡᠵᠦ ᠪᠣᠯᠤᠨ᠎ᠠ᠃ ᠤᠳᠤ ᠪᠠᠰᠠ 900 | ᠮᠧᠳ᠋ᠷ ᠤᠨ ᠭᠠᠵᠠᠷ ᠤᠨ ᠪᠤᠯᠠᠬᠤ ᠬᠤᠭᠤᠯᠠᠢ ᠶᠠᠭ ᠰᠠᠶᠢᠬᠠᠨ ᠳᠡᠪᠢᠰᠴᠦ ᠪᠠᠶᠢᠨ᠎ᠠ᠂ ᠠᠵᠢᠯ ᠳᠠᠭᠤᠰᠤᠭᠰᠠᠨ ᠤ ᠳᠠᠷᠠᠭ᠎ᠠ ᠨᠠᠨ | ᠸᠠᠨ ᠲᠣᠰᠬᠤᠨ ᠤ ᠠᠷᠠᠳ ᠤᠨ ᠤᠰᠤᠯᠠᠯᠲᠠ ᠶᠢᠨ ᠬᠡᠷᠡᠭᠴᠡᠭᠡ ᠶᠢ ᠦᠨᠡᠨ ᠬᠦ ᠰᠢᠢᠳᠪᠦᠷᠢᠯᠡᠵᠦ ᠪᠠᠶᠢᠨ᠎ᠠ︾ ᠭᠡᠵᠦ ᠬᠡᠯᠡᠪᠡ᠃ | ᠨᠠᠨ ᠸᠠᠨ ᠲᠣᠰᠬᠤᠨ ᠤ ᠨᠠᠮ ᠤᠨ ᠡᠭᠦᠷ ᠤᠨ ᠱᠦᠵᠢ ᠸᠠᠩ ᠵᠢᠶᠠᠨ ᠭᠦᠸᠧ ᠢᠲᠡᠭᠡᠯ ᠲᠡᠭᠦᠯᠳᠡᠷ ᠢᠶᠠᠷ ᠬᠡᠯᠡᠪᠡ᠃ | ᠣᠯᠠᠨ ᠲᠦᠮᠡᠨ ᠬᠦᠰᠡᠯ ᠱᠠᠭᠠᠷᠳᠠᠯᠭ᠎ᠠ ᠲᠠᠢ ᠪᠣᠯ ᠤᠴᠢᠷ ᠪᠣᠯᠭᠠᠨ ᠳᠤ ᠬᠠᠷᠢᠭᠤ ᠥᠭᠬᠦ ᠬᠡᠷᠡᠭᠲᠡᠢ᠃ ᠳᠠᠷᠠᠭᠠᠴᠢ ᠶᠢᠨ | ᠠᠯᠬᠤᠮ ᠳᠤ᠂ ᠳ᠋ᠢᠶᠠᠨ ᠽᠢ ᠪᠠᠯᠭᠠᠰᠤᠨ ᠤ ︽ᠬᠤᠶᠠᠷ ᠲᠥᠯᠥᠭᠡᠯᠡᠭᠴᠢ ᠨᠢᠭᠡ ᠭᠡᠰᠢᠭᠦᠨ︾ ᠭᠠᠩ ᠬᠠᠭᠰᠠᠷᠠᠭᠠᠨ ᠲᠠᠢ | ᠲᠡᠮᠡᠴᠡᠬᠦ ᠠᠷᠭ᠎ᠠ ᠬᠡᠮᠵᠢᠶ᠎ᠡ ᠶᠢ ᠦᠷᠭᠦᠯᠵᠢᠯᠡᠨ ᠨᠠᠷᠢᠯᠢᠬᠵᠢᠭᠤᠯᠵᠤ᠂ ᠬᠠᠷᠢᠭᠤᠴᠠᠯᠭ᠎ᠠ ᠶᠢ ᠪᠣᠳᠠᠲᠠᠢ ᠳᠤ ᠨᠠᠶᠢᠳᠠᠪᠤᠷᠢᠵᠢᠭᠤᠯᠵᠤ᠂ | ᠠᠷᠭ᠎ᠠ ᠬᠡᠮᠵᠢᠶ᠎ᠡ ᠶᠢ ᠪᠣᠳᠠᠲᠠᠢ ᠳᠤ ᠨᠠᠶᠢᠳᠠᠪᠤᠷᠢᠵᠢᠭᠤᠯᠵᠤ᠂ ᠲᠠᠷᠢᠶᠠᠯᠠᠩ ᠤᠨ ᠦᠢᠯᠡᠳᠪᠦᠷᠢᠯᠡᠯ ᠤᠨ ᠤᠰᠤᠯᠠᠯᠲᠠ ᠶᠢ ᠪᠦᠬᠦ | ᠬᠦᠴᠦᠨ ᠢᠶᠠᠷ ᠢᠶᠠᠨ ᠪᠠᠲᠤᠯᠠᠵᠤ᠂ ᠤᠯᠠᠨ ᠲᠦᠮᠡᠨ ᠤ ᠪᠠᠴᠢᠮᠳᠠᠵᠤ ᠬᠦᠴᠢᠷᠳᠡᠵᠦ ᠵᠣᠪᠠᠨᠢᠵᠤ ᠬᠦᠰᠡᠵᠦ ᠪᠠᠶᠢᠭ᠎ᠠ | ᠠᠰᠠᠭᠤᠳᠠᠯ ᠢ ᠦᠨᠡᠨ ᠬᠦ ᠰᠢᠢᠳᠪᠦᠷᠢᠯᠡᠬᠦ ᠪᠣᠯᠤᠨ᠎ᠠ᠃ | | ᠢᠷᠡᠯᠲᠡ᠄ ᠳ᠋ᠢᠶᠠᠨ ᠽᠢ ᠪᠠᠯᠭᠠᠰᠤ | ᠤᠷᠴᠢᠭᠤᠯᠤᠭᠴᠢ᠄ ᠨᠠᠷᠠᠰᠤ | ᠬᠢᠨᠠᠨ ᠬᠠᠷᠭᠤᠭᠤᠯᠤᠭᠴᠢ᠄ ᠮᠥᠩᠭᠦᠨᠰᠤᠶᠢᠬᠡ |