ᠡᠯ᠎ᠡ ᠰᠢᠶᠠᠩ ᠪᠠᠯᠭᠠᠰᠤᠨ ᠤ ᠠᠷᠠᠳ ᠤᠨ ᠵᠠᠰᠠᠭ ᠤᠨ ᠣᠷᠳᠣᠨ᠂ ᠰᠢᠶᠠᠨ ᠤ ᠰᠢᠭᠤᠳ ᠬᠠᠷᠢᠶ᠎ᠠ ᠡᠯ᠎ᠡ ᠬᠤᠯᠪᠣᠭᠳᠠᠯ | ᠪᠦᠬᠦᠢ ᠨᠢᠭᠡᠴᠡ ᠳᠤ᠄ | ᠰᠢᠶᠠᠨ ᠤ ᠠᠷᠠᠳ ᠤᠨ ᠵᠠᠰᠠᠭ ᠤᠨ ᠣᠷᠳᠣᠨ ᠢᠶᠠᠷ ᠵᠥᠪᠰᠢᠶᠡᠷᠡᠭᠦᠯᠦᠭᠡᠳ᠂ ᠡᠳᠦᠭᠡ ︽ᠰᠢᠩ ᠾᠧ ᠰᠢᠶᠠᠨ ᠤ | ᠠᠷᠠᠳ ᠪᠠᠭᠤᠳᠠᠯ ᠤᠨ ᠱᠠᠩᠨᠠᠯ ᠤᠨ ᠪᠡᠯᠡ ᠮᠥᠩᠭᠦ ᠶᠢᠨ ᠬᠠᠮᠢᠶᠠᠷᠤᠯᠲᠠ ᠶᠢᠨ ᠠᠷᠭ᠎ᠠ ︵ᠲᠤᠷᠰᠢᠨ ᠬᠡᠷᠡᠭᠵᠢᠭᠦᠯᠬᠦ︶︾ | ᠶᠢ ᠲᠠᠨᠠᠷ ᠲᠤ ᠳᠠᠷᠤᠮᠠᠯᠯᠠᠨ ᠶᠠᠪᠤᠭᠤᠯᠤᠯ᠎ᠠ᠂ ᠠᠵᠢᠯ ᠤᠨ ᠪᠣᠳᠠᠲᠠᠶ ᠲᠠᠢ ᠪᠠᠨ ᠤᠶᠠᠯᠳᠤᠭᠤᠯᠤᠨ᠂ ᠲᠤᠤᠱᠯᠠᠭᠤᠯᠤᠨ | ᠨᠠᠶᠢᠳᠠᠪᠤᠷᠢᠵᠢᠭᠤᠯᠬᠤ ᠶᠢ ᠰᠠᠶᠢᠲᠤᠷ ᠠᠳᠬᠤᠲᠤᠭᠠᠶ᠃ | ᠰᠢᠩ ᠾᠧ ᠰᠢᠶᠠᠨ ᠤ ᠠᠷᠠᠳ ᠤᠨ ᠵᠠᠰᠠᠭ ᠤᠨ ᠣᠷᠳᠣᠨ | 2024 ᠣᠨ ᠤ 7 ᠰᠠᠷ᠎ᠠ ᠶᠢᠨ 4 ᠤ ᠡᠳᠦᠷ | ︵ᠲᠤᠰ ᠪᠢᠴᠢᠭ ᠮᠠᠲ᠋ᠧᠷᠢᠶᠠᠯ ᠢ ᠢᠯᠡ ᠨᠡᠶᠢᠲᠡᠯᠡᠨ᠎ᠡ︶ | ᠰᠢᠩ ᠾᠧ ᠰᠢᠶᠠᠨ ᠤ ᠠᠷᠠᠳ ᠤᠨ ᠪᠠᠭᠤᠳᠠᠯ ᠤᠨ ᠱᠠᠩᠨᠠᠯ ᠤᠨ ᠪᠡᠯᠡ ᠮᠥᠩᠭᠦ ᠶᠢᠨ ᠬᠠᠮᠢᠶᠠᠷᠤᠯᠲᠠ ᠶᠢᠨ ᠠᠷᠭ᠎ᠠ | ︵ᠲᠤᠷᠰᠢᠨ ᠬᠡᠷᠡᠭᠵᠢᠭᠦᠯᠬᠦ︶ | ᠨᠢᠭᠡᠳᠦᠭᠡᠷ ᠪᠦᠯᠦᠭ ᠶᠡᠷᠦᠩᠬᠡᠢ ᠳᠦᠷᠢᠮ | ᠨᠢᠭᠡᠳᠦᠭᠡᠷ ᠵᠦᠢᠯ᠂ ᠮᠠᠨ ᠤ ᠰᠢᠶᠠᠨ ᠤ ᠠᠷᠠᠳ ᠤᠨ ᠪᠠᠭᠤᠳᠠᠯ ᠤᠨ ᠠᠵᠤ ᠦᠢᠯᠡᠰ ᠤᠨ ᠦᠷᠭᠦᠯᠵᠢᠯᠡᠨ | ᠲᠦᠷᠭᠡᠨ ᠬᠥᠭᠵᠢᠬᠦ ᠶᠢ ᠳᠡᠮᠵᠢᠵᠦ᠂ ᠠᠷᠠᠳ ᠤᠨ ᠪᠠᠭᠤᠳᠠᠯ ᠤᠨ ᠠᠵᠤ ᠦᠢᠯᠡᠰ ᠢ ᠪᠥᠬᠦ ᠰᠢᠶᠠᠨ ᠤ ᠰᠣᠶᠣᠯ | ᠵᠢᠭᠤᠯᠴᠢᠯᠠᠯ ᠤᠨ ᠠᠵᠤ ᠦᠢᠯᠡᠰ ᠤᠨ ᠴᠢᠬᠤᠯᠠ ᠲᠤᠯᠭᠠᠭᠤᠷᠢᠯᠠᠯ ᠪᠣᠯᠭᠠᠵᠤ᠂ ᠪᠥᠬᠦ ᠰᠢᠶᠠᠨ ᠤ ᠰᠣᠶᠣᠯ | ᠵᠢᠭᠤᠯᠴᠢᠯᠠᠯ ᠤᠨ ᠠᠵᠤ ᠦᠢᠯᠡᠰ ᠤᠨ ᠲᠠᠰ ᠳᠡᠪᠰᠢᠬᠦ ᠶᠢ ᠠᠬᠢᠭᠤᠯᠤᠨ᠂ ᠨᠡᠶᠢᠰᠯᠡᠯ ᠳᠤ ᠬᠠᠨᠳᠤᠭᠤᠯᠤᠭᠰᠠᠨ ︽ᠠᠷᠤ | ᠴᠡᠴᠡᠷᠯᠢᠭ︾ ᠢ ᠪᠥᠬᠦ ᠬᠦᠴᠦᠨ ᠢᠶᠠᠷ ᠢᠶᠠᠨ ᠴᠣᠭᠴᠠᠯᠠᠬᠤ ᠶᠢᠨ ᠲᠤᠰᠠᠳᠠ᠂ ᠮᠠᠨ ᠤ ᠰᠢᠶᠠᠨ ᠤ ᠪᠣᠳᠠᠲᠠᠶ ᠲᠠᠢ ᠪᠠᠨ | ᠤᠶᠠᠯᠳᠤᠭᠤᠯᠤᠨ᠂ ᠣᠨᠴᠠᠭᠠᠶᠢᠯᠠᠨ ᠲᠣᠰ ᠠᠷᠭ᠎ᠠ ᠶᠢ ᠲᠣᠭᠲᠠᠭᠠᠪᠠ᠃ | ᠬᠤᠶᠠᠳᠤᠭᠠᠷ ᠵᠦᠢᠯ᠂ ᠰᠢᠩ ᠾᠧ ᠰᠢᠶᠠᠨ ᠤ ᠠᠷᠠᠳ ᠤᠨ ᠪᠠᠭᠤᠳᠠᠯ ᠤᠨ ᠱᠠᠩᠨᠠᠯ ᠤᠨ ᠪᠡᠯᠡ ᠮᠥᠩᠭᠦ ᠶᠢᠨ | ᠢᠷᠡᠯᠲᠡ ᠨᠢ ᠠᠵᠤ ᠠᠬᠤᠶᠢᠯᠠᠯ ᠤᠨ ᠠᠷᠠᠳ ᠤᠨ ᠪᠠᠭᠤᠳᠠᠯ ᠤᠨ ᠬᠥᠭᠵᠢᠯᠲᠡ ᠶᠢ ᠳᠡᠮᠵᠢᠬᠦ ᠪᠡᠯᠡ ᠮᠥᠩᠭᠦ᠂ ᠡᠳ᠋ ᠤᠨ | ᠵᠠᠰᠠᠭ ᠤᠨ ᠪᠡᠯᠡ ᠮᠥᠩᠭᠦ ᠪᠤᠶᠤ ᠪᠡᠭᠡᠵᠢᠩ ᠥᠪᠥᠷ ᠮᠣᠩᠭᠤᠯ ᠤᠨ ᠪᠡᠯᠡ ᠮᠥᠩᠭᠦ ᠶᠢ ᠠᠷᠠᠳ ᠤᠨ ᠪᠠᠭᠤᠳᠠᠯ ᠤᠨ | ᠪᠦᠲᠦᠭᠡᠨ ᠪᠠᠶᠢᠭᠤᠯᠤᠯᠲᠠ ᠪᠠ ᠡᠵᠡᠩᠨᠡᠯᠲᠡ ᠳᠤ ᠲᠤᠰᠬᠠᠶ ᠬᠡᠷᠡᠭᠯᠡᠨ᠎ᠡ᠃ | ᠭᠤᠷᠪᠠᠳᠤᠭᠠᠷ ᠵᠦᠢᠯ᠂ ᠠᠷᠠᠳ ᠤᠨ ᠪᠠᠭᠤᠳᠠᠯ ᠤᠨ ᠱᠠᠩᠨᠠᠯ ᠤᠨ ᠪᠡᠯᠡ ᠮᠥᠩᠭᠦ ᠶᠢ ᠰᠢᠶᠠᠨ ᠤ ᠰᠣᠶᠣᠯ ᠪᠠ | ᠵᠢᠭᠤᠯᠴᠢᠯᠠᠯ ᠤᠨ ᠲᠣᠪᠴᠢᠶ᠎ᠠ ᠠᠴᠠ ᠰᠢᠶᠠᠨ ᠤ ᠡᠳ᠋ ᠤᠨ ᠵᠠᠰᠠᠭ ᠤᠨ ᠲᠣᠪᠴᠢᠶ᠎ᠠ ᠲᠠᠢ ᠬᠠᠮᠲᠤ ᠪᠠᠷ ᠬᠠᠮᠢᠶᠠᠷᠴᠤ᠂ | ᠬᠡᠷᠡᠭᠯᠡᠯᠲᠡ ᠬᠠᠮᠢᠶᠠᠷᠤᠯᠲᠠ ᠳᠤ ︽ᠵᠠᠰᠠᠭ ᠤᠨ ᠣᠷᠳᠣᠨ ᠬᠥᠲᠥᠯᠥᠨ ᠵᠢᠯᠣᠭᠤᠳᠬᠤ᠂ ᠡᠵᠡᠩᠨᠡᠯᠲᠡ ᠶᠢᠨ ᠬᠡᠯᠪᠡᠷᠢ | ᠪᠠᠶᠢᠳᠠᠯ ᠢᠶᠠᠷ ᠭᠤᠣᠯᠯᠠᠭᠤᠯᠬᠤ᠂ ᠢᠯᠡ ᠲᠣᠳᠣ᠂ ᠪᠣᠳᠠᠲᠤ ᠦᠷ᠎ᠡ ᠪᠦᠲᠦᠮᠵᠢ ᠶᠢ ᠴᠢᠬᠤᠯᠠᠴᠢᠯᠠᠬᠤ︾ ᠵᠠᠷᠴᠢᠮ ᠢ | ᠵᠢᠷᠤᠮᠯᠠᠨ᠎ᠠ᠃ | ᠬᠤᠶᠠᠳᠤᠭᠠᠷ ᠪᠦᠯᠦᠭ ᠱᠠᠩᠨᠠᠬᠤ ᠨᠥᠬᠦᠴᠡᠯ᠂ ᠠᠭᠤᠯᠭ᠎ᠠ ᠬᠢᠭᠡᠳ ᠪᠠᠷᠢᠮᠵᠢᠶ᠎ᠠ | ᠳᠥᠷᠪᠡᠳᠦᠭᠡᠷ ᠵᠦᠢᠯ᠂ ᠱᠠᠩᠨᠠᠬᠤ ᠡᠲᠡᠭᠡᠳ᠄ ᠰᠢᠩ ᠾᠧ ᠰᠢᠶᠠᠨ ᠳᠤ ᠦᠢᠯᠡᠳᠪᠦᠷᠢ ᠬᠤᠳᠠᠯᠳᠤᠭ᠎ᠠ ᠵᠢᠴᠢ | ᠭᠠᠶᠢᠯᠢ ᠶᠢᠨ ᠶᠠᠪᠤᠳᠠᠯ ᠢ ᠳᠠᠩᠰᠠᠯᠠᠬᠤ᠂ ᠲᠡᠮᠳᠡᠭᠯᠡᠬᠦ᠂ ᠭᠠᠶᠢᠯᠢ ᠲᠤᠰᠢᠶᠠᠬᠤ ᠪᠥᠭᠡᠳ ᠵᠢᠭᠤᠯᠴᠢᠯᠠᠯ ᠤᠨ ᠠᠷᠠᠳ ᠤᠨ | ᠪᠠᠭᠤᠳᠠᠯ ᠤᠨ ᠲᠥᠷᠥᠯ ᠵᠦᠢᠯ ᠢ ᠬᠠᠤᠯᠢ ᠶᠣᠰᠣᠭᠠᠷ ᠡᠵᠡᠩᠨᠡᠵᠦ ᠪᠠᠶᠢᠭ᠎ᠠ ᠬᠤᠪᠢ ᠶᠢᠨ ᠦᠢᠯᠡᠳᠪᠦᠷᠢ | ᠬᠤᠳᠠᠯᠳᠤᠭᠠᠨ ᠤ ᠡᠷᠦᠬᠡ᠂ ᠲᠠᠷᠢᠶᠠᠴᠢᠨ ᠤ ᠲᠤᠰᠬᠠᠶ ᠠᠵᠢᠯ ᠤᠨ ᠬᠤᠷᠰᠢᠶ᠎ᠠ᠂ ᠠᠵᠤ ᠠᠬᠤᠶᠢᠯᠠᠯ ᠤᠨ ᠬᠠᠤᠯᠢ ᠶᠢᠨ | ᠡᠷᠬᠡᠲᠡᠨ ᠵᠡᠷᠭᠡ ᠶᠢ ᠭᠦᠢᠴᠡᠳᠬᠡᠬᠦ ᠶᠢᠨ ᠬᠠᠮᠲᠤ ᠳᠣᠤᠷᠠᠬᠢ ᠨᠥᠬᠦᠴᠡᠯ ᠳᠤ ᠨᠡᠶᠢᠴᠡᠭᠦᠯᠳᠡᠭ᠄ | ︵ᠨᠢᠭᠡ︶ ᠰᠢᠨ᠎ᠡ ᠪᠠᠷ ᠪᠠᠶᠢᠭᠤᠯᠤᠭᠰᠠᠨ ᠠᠷᠠᠳ ᠤᠨ ᠪᠠᠭᠤᠳᠠᠯ ᠤᠨ ᠲᠥᠷᠥᠯ ᠵᠦᠢᠯ᠃ | ︵ᠬᠤᠶᠠᠷ︶ ᠠᠷᠠᠳ ᠤᠨ ᠪᠠᠭᠤᠳᠠᠯ ᠤᠨ ᠵᠢᠷᠤᠭ ᠲᠥᠯᠥᠪᠯᠡᠭᠡ ᠶᠢᠨ ᠲᠥᠰᠦᠯ ᠢ ᠰᠢᠶᠠᠨ ᠤ ᠠᠷᠠᠳ ᠤᠨ | ᠪᠠᠭᠤᠳᠠᠯ ᠤᠨ ᠬᠥᠭᠵᠢᠯᠲᠡ ᠶᠢᠨ ᠬᠠᠮᠲᠤᠷᠠᠭᠰᠠᠨ ᠬᠤᠷᠠᠯ ᠤᠨ ᠠᠯᠪᠠᠨ ᠭᠡᠷ ᠢᠶᠠᠷ ᠬᠢᠨᠠᠨ ᠵᠥᠪᠰᠢᠶᠡᠷᠡᠭᠦᠯᠦᠨ᠎ᠡ︔ | ︵ᠭᠤᠷᠪᠠ︶ ᠠᠵᠢᠯ ᠡᠬᠢᠯᠡᠭᠦᠯᠦᠨ ᠡᠵᠡᠩᠨᠡᠵᠦ ᠪᠦᠬᠦᠯᠢ ᠬᠠᠭᠠᠰ ᠵᠢᠯ ᠪᠣᠯᠤᠭᠰᠠᠨ ᠪᠥᠭᠡᠳ ᠣᠷᠣᠯᠭ᠎ᠠ ᠨᠢ | ᠨᠡᠮᠡᠭᠳᠡᠭᠰᠡᠨ ᠪᠠᠶᠢᠨ᠎ᠠ᠃ | ᠲᠠᠪᠤᠳᠤᠭᠠᠷ ᠵᠦᠢᠯ ᠱᠠᠩᠨᠠᠬᠤ ᠠᠭᠤᠯᠭ᠎ᠠ ᠬᠢᠭᠡᠳ ᠪᠠᠷᠢᠮᠵᠢᠶ᠎ᠠ᠄ | ︵ᠨᠢᠭᠡ︶ ᠰᠢᠨ᠎ᠡ ᠪᠠᠷ ᠪᠠᠶᠢᠭᠤᠯᠤᠭᠰᠠᠨ ᠠᠷᠠᠳ ᠤᠨ ᠪᠠᠭᠤᠳᠠᠯ ᠤᠨ᠄ ᠭᠤᠣᠯ ᠰᠡᠳᠦᠪᠵᠢᠬᠦ᠂ | ᠣᠨᠴᠠᠯᠢᠬᠵᠢᠭᠤᠯᠬᠤ᠂ ᠴᠢᠨᠠᠷᠵᠢᠭᠤᠯᠬᠤ ᠵᠡᠷᠭᠡ ᠲᠠᠯ᠎ᠠ ᠪᠠᠷ︔ | ︽ᠵᠢᠭᠤᠯᠴᠢᠯᠠᠯ ᠤᠨ ᠠᠷᠠᠳ ᠤᠨ ᠪᠠᠭᠤᠳᠠᠯ ᠤᠨ ᠦᠨᠳᠦᠰᠦᠨ ᠱᠠᠭᠠᠷᠳᠠᠯᠭ᠎ᠠ ᠬᠢᠭᠡᠳ ᠵᠡᠷᠭᠡ ᠳᠡᠰ ᠤᠨ | ᠬᠤᠪᠢᠶᠠᠷᠢᠯᠠᠯ︾ ︵GB/T41648-2022︶ ᠶᠣᠰᠣᠭᠠᠷ ᠰᠢᠨ᠎ᠡ ᠪᠠᠷ ᠪᠠᠶᠢᠭᠤᠯᠤᠭᠰᠠᠨ ᠠᠷᠠᠳ ᠤᠨ | ᠪᠠᠭᠤᠳᠠᠯ ᠤᠨ ᠲᠥᠷᠥᠯ ᠵᠦᠢᠯ ᠳᠤ ᠶᠡᠷᠦᠩᠬᠡᠶᠢᠯᠡᠭᠰᠡᠨ ᠬᠢᠨᠠᠨ ᠰᠢᠯᠭᠠᠯᠲᠠ ᠬᠢᠬᠦ ᠶᠢᠨ ᠬᠠᠮᠲᠤ ᠵᠡᠷᠭᠡ ᠳᠡᠰ ᠢ ᠨᠢ | ᠦᠨᠡᠯᠡᠨ ᠲᠣᠭᠲᠠᠭᠠᠵᠤ᠂ ᠳᠡᠭᠡᠷ᠎ᠡ ᠠᠴᠠ ᠳᠣᠣᠷ᠎ᠠ ᠬᠦᠷᠲᠡᠯ᠎ᠡ ᠲᠤᠰ ᠲᠤᠰ ᠬᠥᠬᠡ ᠳᠡᠰ᠂ ᠬᠥᠬᠡᠭᠴᠢᠨ ᠳᠡᠰ᠂ | ᠤᠯᠠᠭᠠᠨ ᠳᠡᠰ ᠭᠡᠵᠦ ᠬᠤᠪᠢᠶᠠᠨ᠎ᠠ᠃ ᠡᠨᠡ ᠬᠦ ᠰᠠᠭᠤᠷᠢᠨ ᠳᠡᠭᠡᠷ᠎ᠡ᠂ ᠠᠷᠠᠳ ᠤᠨ ᠪᠠᠭᠤᠳᠠᠯ ᠤᠨ ᠲᠥᠷᠥᠯ ᠵᠦᠢᠯ ᠤᠨ | ᠭᠡᠷ ᠪᠠᠶᠢᠰᠢᠩ ᠤᠨ ᠪᠠᠷᠢᠯᠭ᠎ᠠ ᠶᠢᠨ ᠲᠠᠯᠠᠪᠠᠶ ᠶᠢᠨ ᠶᠣᠰᠣᠭᠠᠷ ᠱᠠᠩᠨᠠᠯ ᠣᠯᠭᠤᠵᠤ᠂ ᠬᠥᠬᠡ ᠲᠠᠰ ᠤᠨ ᠠᠷᠠᠳ ᠤᠨ | ᠪᠠᠭᠤᠳᠠᠯ ᠤᠨ ᠲᠡᠭᠰᠢ ᠳᠥᠷᠪᠡᠯᠵᠢᠨ ᠮᠧᠳ᠋ᠷ ᠪᠦᠷᠢ ᠳᠤ 500 ᠲᠥᠭᠦᠷᠢᠭ ᠤᠨ ᠪᠠᠯᠠ ᠮᠥᠩᠭᠦ ᠶᠢᠨ ᠱᠠᠩᠨᠠᠯ | ᠣᠯᠭᠤᠨ᠎ᠠ︔ ᠬᠥᠬᠡᠭᠴᠢᠨ ᠲᠠᠰ ᠤᠨ ᠠᠷᠠᠳ ᠤᠨ ᠪᠠᠭᠤᠳᠠᠯ ᠤᠨ ᠲᠡᠭᠰᠢ ᠳᠥᠷᠪᠡᠯᠵᠢᠨ ᠮᠧᠳ᠋ᠷ ᠪᠦᠷᠢ ᠳᠤ 300 | ᠲᠥᠭᠦᠷᠢᠭ ᠤᠨ ᠪᠠᠯᠠ ᠮᠥᠩᠭᠦ ᠶᠢᠨ ᠱᠠᠩᠨᠠᠯ ᠣᠯᠭᠤᠨ᠎ᠠ︔ ᠤᠯᠠᠭᠠᠨ ᠲᠠᠰ ᠤᠨ ᠠᠷᠠᠳ ᠤᠨ ᠣᠷᠣᠨ ᠰᠠᠭᠤᠴᠠ ᠶᠢᠨ | ᠲᠡᠭᠰᠢ ᠳᠥᠷᠪᠡᠯᠵᠢᠨ ᠮᠧᠲ᠋ᠧᠷ ᠪᠦᠷᠢ ᠳᠤ 200 ᠲᠥᠭᠦᠷᠢᠭ ᠤᠨ ᠪᠠᠯᠠ ᠮᠥᠩᠭᠦ ᠶᠢᠨ ᠱᠠᠩᠨᠠᠯ ᠣᠯᠭᠤᠨ᠎ᠠ᠃ ᠵᠠᠷᠴᠢᠮ | ᠳᠡᠭᠡᠷ᠎ᠡ ᠪᠠᠨ ᠳᠠᠩ ᠭᠠᠭᠴᠠ ᠭᠤᠶᠤᠴᠢᠯᠠᠨ ᠮᠡᠳᠡᠭᠦᠯᠬᠦ ᠭᠤᠤᠯ ᠴᠣᠭᠴᠠ ᠶᠢᠨ ᠲᠣᠰ ᠵᠦᠢᠯ ᠤᠨ ᠱᠠᠩᠨᠠᠯ ᠤᠨ | ᠶᠡᠷᠦᠩᠬᠡᠶ ᠲᠤᠭ᠎ᠠ ᠶᠢ 20 ᠲᠦᠮᠡᠨ ᠲᠥᠭᠦᠷᠢᠭ ᠠᠴᠠ ᠬᠡᠲᠦᠷᠡᠭᠦᠯᠵᠦ ᠪᠣᠯᠬᠤ ᠥᠬᠡᠶ᠃ | ᠮᠡᠳᠡᠭᠦᠯᠬᠦ ᠭᠤᠤᠯ ᠴᠣᠭᠴᠠ ᠨᠢ ᠠᠷᠠᠳ ᠤᠨ ᠪᠠᠭᠤᠳᠠᠯ ᠤᠨ ᠲᠥᠷᠥᠯ ᠵᠦᠢᠯ ᠤᠨ ᠵᠢᠷᠤᠭ ᠲᠥᠯᠥᠪᠯᠡᠭᠡ ᠶᠢᠨ | ᠲᠥᠰᠦᠯ᠂ ᠠᠷᠠᠳ ᠤᠨ ᠪᠠᠭᠤᠳᠠᠯ ᠤᠨ ᠲᠥᠷᠥᠯ ᠵᠦᠢᠯ ᠤᠨ ᠪᠥᠲᠥᠭᠡᠨ ᠪᠠᠶᠢᠭᠤᠯᠤᠯᠲᠠ ᠶᠢᠨ ᠪᠠᠷᠢᠯᠭ᠎ᠠ ᠶᠢᠨ ᠵᠢᠷᠤᠭ᠂ | ᠪᠠᠷᠢᠯᠭ᠎ᠠ ᠶᠢᠨ ᠲᠠᠯᠠᠪᠠᠶ ᠶᠢᠨ ᠨᠠᠷᠢᠨ ᠬᠦᠰᠦᠨᠦᠭᠲᠦ ᠵᠢᠴᠢ ᠠᠷᠠᠳ ᠤᠨ ᠪᠠᠭᠤᠳᠠᠯ ᠤᠨ ᠲᠥᠷᠥᠯ ᠵᠦᠢᠯ ᠤᠨ ᠪᠣᠳᠠᠲᠤ | ᠦᠵᠡᠮᠵᠢ ᠶᠢᠨ ᠵᠢᠷᠤᠭ ᠵᠡᠷᠭᠡ ᠬᠠᠮᠢᠶ᠎ᠠ ᠪᠥᠬᠦᠶ ᠭᠡᠷᠡᠴᠢᠯᠡᠬᠦ ᠮᠠᠲ᠋ᠧᠷᠢᠶᠠᠯ ᠢ ᠬᠠᠩᠭᠠᠬᠤ ᠬᠡᠷᠡᠭᠲᠡᠶ᠃ | ︵ᠬᠤᠶᠠᠷ︶ ᠠᠷᠠᠳ ᠤᠨ ᠪᠠᠭᠤᠳᠠᠯ ᠤᠨ ᠲᠤᠬᠠᠶ ᠶᠢᠨ ᠭᠠᠵᠠᠷ ᠤᠨ ᠠᠵᠢᠯ ᠣᠯᠭᠤᠯᠲᠠ ᠶᠢ ᠳᠠᠶᠢᠴᠢᠯᠠᠬᠤ ᠶᠢ | ᠵᠣᠷᠢᠭᠵᠢᠭᠤᠯᠤᠨ᠎ᠠ᠄ ᠠᠷᠠᠳ ᠤᠨ ᠪᠠᠭᠤᠳᠠᠯ ᠤᠨ ᠶᠣᠰᠣᠭᠠᠷ ᠲᠤᠬᠠᠶ ᠶᠢᠨ ᠭᠠᠵᠠᠷ ᠤᠨ ᠲᠣᠰᠬᠤᠨ ᠤ ᠠᠷᠠᠳ ᠢ | ᠳᠠᠶᠢᠴᠢᠯᠠᠨ ᠠᠵᠢᠯ ᠣᠯᠭᠤᠭᠰᠠᠨ ᠬᠥᠮᠦᠨ ᠤ ᠲᠤᠭ᠎ᠠ ᠶᠣᠰᠣᠭᠠᠷ᠂ ᠲᠤᠬᠠᠶ ᠶᠢᠨ ᠭᠠᠵᠠᠷ ᠤᠨ ᠲᠣᠰᠬᠤᠨ ᠤ ᠠᠷᠠᠳ ᠢ | ᠳᠠᠶᠢᠴᠢᠯᠠᠨ ᠠᠵᠢᠯ ᠣᠯᠭᠤᠵᠤ᠂ ᠨᠢᠭᠡ ᠯᠡ ᠤᠳᠠᠭ᠎ᠠ ᠳᠤ 1000 ᠲᠥᠭᠦᠷᠢᠭ ᠤᠨ ᠱᠠᠩᠨᠠᠯ ᠣᠯᠭᠤᠨ᠎ᠠ︔ | ᠲᠤᠬᠠᠶ ᠶᠢᠨ ᠭᠠᠵᠠᠷ ᠤᠨ ᠶᠠᠳᠠᠭᠤ ᠠᠴᠠ ᠠᠩᠭᠢᠵᠢᠷᠠᠭᠰᠠᠨ ᠡᠷᠦᠬᠡ ᠶᠢ ᠳᠠᠶᠢᠴᠢᠯᠠᠨ ᠠᠵᠢᠯ ᠣᠯᠭᠤᠵᠤ᠂ ᠨᠢᠭᠡ ᠯᠡ | ᠤᠳᠠᠭ᠎ᠠ ᠳᠤ 2000 ᠲᠥᠭᠦᠷᠢᠭ ᠤᠨ ᠱᠠᠩᠨᠠᠯ ᠣᠯᠭᠤᠨ᠎ᠠ᠃ ᠵᠠᠷᠴᠢᠮ ᠳᠡᠭᠡᠷ᠎ᠡ ᠪᠠᠨ ᠭᠠᠭᠴᠠ ᠭᠤᠶᠤᠴᠢᠯᠠᠨ | ᠮᠡᠳᠡᠭᠦᠯᠦᠭᠰᠡᠨ ᠭᠤᠤᠯ ᠴᠣᠭᠴᠠ ᠶᠢᠨ ᠲᠣᠰ ᠱᠠᠩᠨᠠᠯ ᠤᠨ ᠶᠡᠷᠦᠩᠬᠡᠶ ᠲᠤᠭ᠎ᠠ ᠶᠢ 3 ᠲᠦᠮᠡᠨ ᠲᠥᠭᠦᠷᠢᠭ ᠠᠴᠠ | ᠬᠡᠲᠦᠷᠡᠭᠦᠯᠵᠦ ᠪᠣᠯᠬᠤ ᠥᠬᠡᠶ᠃ | ᠭᠤᠶᠤᠴᠢᠯᠠᠨ ᠮᠡᠳᠡᠭᠦᠯᠬᠦ ᠭᠤᠤᠯ ᠴᠣᠭᠴᠠ ᠨᠢ ᠪᠠᠩᠬᠢ ᠠᠴᠠ ᠭᠠᠷᠭᠠᠭᠰᠠᠨ ᠴᠠᠯᠢᠩ ᠤᠨ ᠴᠤᠪᠤᠷᠠᠯ ᠭᠡᠷᠡᠴᠢ ︵3 | ᠰᠠᠷ᠎ᠠ ᠠᠴᠠ ᠳᠤᠲᠠᠭᠤ ᠥᠬᠡᠶ︶᠂ ᠬᠥᠯᠥᠰᠥᠯᠡᠭᠳᠡᠭᠰᠡᠨ ᠲᠣᠰᠬᠤᠨ ᠤ ᠠᠷᠠᠳ ᠪᠤᠶᠤ ᠶᠠᠳᠠᠭᠤ ᠠᠴᠠ ᠠᠩᠭᠢᠵᠢᠷᠠᠭᠰᠠᠨ | ᠡᠷᠦᠬᠡ ᠶᠢᠨ ᠪᠠᠶᠢᠭ᠎ᠠ ᠲᠣᠰᠬᠤᠨ ᠤ ᠠᠷᠠᠳ ᠤᠨ ᠵᠥᠪᠯᠡᠯ ᠤᠨ ᠭᠠᠷᠭᠠᠭᠰᠠᠨ ᠠᠵᠢᠯ ᠣᠯᠭᠤᠯᠲᠠ ᠶᠢᠨ ᠦᠨᠡᠮᠯᠡᠯ ᠵᠡᠷᠭᠡ | ᠬᠠᠮᠢᠶ᠎ᠠ ᠪᠥᠬᠦᠶ ᠭᠡᠷᠡᠴᠢᠯᠡᠬᠦ ᠮᠠᠲ᠋ᠧᠷᠢᠶᠠᠯ ᠢ ᠬᠠᠩᠭᠠᠬᠤ ᠬᠡᠷᠡᠭᠲᠡᠶ᠃ | ᠵᠢᠷᠭᠤᠳᠤᠭᠠᠷ ᠵᠦᠢᠯ ᠳᠣᠤᠷᠠᠬᠢ ᠪᠠᠶᠢᠳᠠᠯ ᠤᠨ ᠨᠢᠭᠡ ᠨᠢ ᠪᠠᠶᠢᠪᠠᠯ ᠭᠤᠶᠤᠴᠢᠯᠠᠬᠤ ᠭᠤᠤᠯ ᠴᠣᠭᠴᠠ ᠶᠢ | ᠱᠠᠩᠨᠠᠬᠤ ᠦᠭᠡᠶ᠃ | ︵ᠨᠢᠭᠡ︶ ᠮᠡᠳᠡᠭᠦᠯᠬᠦ ᠭᠤᠤᠯ ᠴᠣᠭᠴᠠ ᠨᠢ ᠭᠤᠶᠤᠴᠢᠯᠠᠨ ᠮᠡᠳᠡᠭᠦᠯᠬᠦ ᠶᠠᠪᠤᠴᠠ ᠳᠤ ᠬᠤᠳᠠᠯ ᠬᠡᠯᠡᠵᠦ | ᠬᠠᠭᠤᠷᠮᠠᠭᠯᠠᠨ ᠵᠣᠬᠢᠶᠠᠭᠰᠠᠨ ᠦᠢᠯᠡ ᠠᠵᠢᠯᠯᠠᠭ᠎ᠠ ᠣᠷᠣᠰᠢᠵᠤ ᠪᠠᠶᠢᠬᠤ︔ | ︵ᠬᠤᠶᠠᠷ︶ ᠮᠡᠳᠡᠭᠦᠯᠬᠦ ᠭᠤᠤᠯ ᠴᠣᠭᠴᠠ ᠨᠢ ᠣᠨ ᠤ ᠳᠣᠲᠣᠷ᠎ᠠ ᠡᠳ᠋ ᠤᠨ ᠶᠠᠪᠤᠳᠠᠯ ᠤᠨ ᠬᠢᠨᠠᠨ | ᠬᠠᠷᠭᠤᠭᠤᠯᠬᠤ ᠳᠤ ᠣᠷᠣᠰᠢᠵᠤ ᠪᠠᠶᠢᠭ᠎ᠠ ᠴᠢᠬᠤᠯᠠ ᠶᠡᠭᠡ ᠠᠰᠠᠭᠤᠳᠠᠯ ᠣᠷᠣᠰᠢᠵᠤ ᠪᠠᠶᠢᠬᠤ ᠪᠤᠶᠤ ᠭᠠᠶᠢᠯᠢ ᠶᠢᠨ | ᠶᠠᠪᠤᠳᠠᠯ᠂ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠵᠡᠷᠭᠡ ᠬᠠᠮᠢᠶ᠎ᠠ ᠪᠥᠬᠦᠶ ᠭᠤᠤᠯᠴᠢᠯᠠᠨ ᠬᠠᠮᠢᠶᠠᠷᠬᠤ ᠰᠠᠯᠠᠭ᠎ᠠ | ᠮᠥᠴᠢᠷ ᠢᠶᠠᠷ ᠰᠢᠢᠳᠬᠡᠭᠳᠡᠭᠰᠡᠨ ᠪᠠᠶᠢᠪᠠ︔ | ︵ᠭᠤᠷᠪᠠ ︶ ᠮᠡᠳᠡᠭᠦᠯᠬᠦ ᠭᠤᠣᠯ ᠴᠣᠭᠴᠠ ᠶᠢᠨ ᠲᠣᠰ ᠪᠡᠶ᠎ᠡ ᠠᠴᠠ ᠪᠣᠯᠤᠭᠰᠠᠨ ᠦᠢᠯᠡᠴᠢᠯᠡᠭᠡᠨ ᠤ ᠶᠠᠰᠤ | ᠴᠢᠨᠠᠷ ᠤᠨ ᠠᠳᠡᠯ ᠠᠴᠠ ᠪᠣᠯᠵᠤ᠂ ᠵᠢᠯ ᠳᠤ 3 ᠤᠳᠠᠭ᠎ᠠ ᠠᠴᠠ ᠳᠡᠭᠡᠭᠰᠢ ᠵᠠᠭᠠᠯᠳᠤᠭᠳᠠᠪᠠ ︵3 ᠤᠳᠠᠭ᠎ᠠ ᠪᠠᠭᠲᠠᠨ᠎ᠠ︶ | ᠪᠤᠶᠤ ᠬᠦᠨᠳᠦ ᠶᠡᠭᠡ ᠵᠠᠭᠠᠯᠳᠤᠯᠭ᠎ᠠ ᠶᠢᠨ ᠬᠡᠷᠡᠭ ᠭᠠᠷᠤᠭᠰᠠᠨ︔ | ︵ᠲᠦᠷᠪᠡ︶ ᠮᠡᠳᠡᠭᠦᠯᠬᠦ ᠭᠤᠤᠯ ᠴᠣᠭᠴᠠ ᠨᠢ ᠣᠨ ᠤ ᠳᠣᠲᠣᠷ᠎ᠠ ᠠᠶᠤᠯ ᠦᠭᠡᠢ ᠦᠢᠯᠡᠳᠪᠦᠷᠢᠯᠡᠯ ᠤᠨ | ᠬᠠᠷᠢᠭᠤᠴᠠᠯᠭ᠎ᠠ ᠶᠢᠨ ᠬᠦᠨᠳᠦ ᠣᠨᠴᠠ ᠶᠡᠭᠡ ᠠᠳᠡᠯ ᠭᠠᠷᠤᠭᠰᠠᠨ ᠪᠠᠶᠢᠬᠤ︔ | ︵ᠲᠠᠪᠤ︶ ᠮᠡᠳᠡᠭᠦᠯᠬᠦ ᠭᠤᠤᠯ ᠴᠣᠭᠴᠠ ᠨᠢ ᠣᠨ ᠤ ᠳᠣᠲᠣᠷ᠎ᠠ ᠬᠦᠨᠳᠦ ᠶᠡᠭᠡ ᠶᠠᠷᠢᠶ᠎ᠠ ᠬᠡᠯᠡᠯᠴᠡᠭᠡᠨ ᠤ | ᠪᠠᠶᠢᠳᠠᠯ ᠤᠨ ᠬᠡᠷᠡᠭ ᠭᠠᠷᠤᠭᠰᠠᠨ︔ | ︵ᠵᠢᠷᠭᠤᠭ᠎ᠠ︶ ᠪᠦᠲᠦᠭᠡᠨ ᠪᠠᠶᠢᠭᠤᠯᠤᠯᠲᠠ ᠳᠤ ᠬᠤᠯᠪᠣᠭᠳᠠᠬᠤ︔ | ︵ᠳᠤᠯᠤᠭ᠎ᠠ︶ ᠪᠤᠰᠤᠳ ᠬᠠᠤᠯᠢ ᠲᠣᠭᠲᠠᠭᠠᠯ ᠢ ᠵᠥᠷᠢᠴᠡᠭᠰᠡᠨ ᠠᠵᠢᠯᠯᠠᠭ᠎ᠠ ᠲᠠᠢ ᠪᠣᠯ᠃ | ᠭᠤᠷᠪᠠᠳᠤᠭᠠᠷ ᠪᠦᠯᠦᠭ ᠱᠠᠩᠨᠠᠬᠤ ᠮᠡᠳᠡᠭᠦᠯᠬᠦ ᠬᠢᠭᠡᠳ ᠬᠢᠨᠠᠨ ᠬᠠᠷᠭᠤᠭᠤᠯᠬᠤ ᠳᠡᠰ ᠳᠠᠷᠠᠭᠠᠯᠠᠯ | ᠳᠣᠯᠣᠳᠤᠭᠠᠷ ᠵᠦᠢᠯ ᠰᠢᠶᠠᠨ ᠤ ᠠᠷᠠᠳ ᠤᠨ ᠪᠠᠭᠤᠳᠠᠯ ᠤᠨ ᠬᠥᠭᠵᠢᠯᠲᠡ ᠶᠢᠨ ᠬᠠᠮᠲᠤᠷᠠᠭᠰᠠᠨ ᠬᠤᠷᠠᠯ | ᠠᠷᠠᠳ ᠤᠨ ᠪᠠᠭᠤᠳᠠᠯ ᠤᠨ ᠱᠠᠩᠨᠠᠯ ᠤᠨ ᠪᠦᠬᠦᠯᠢ ᠴᠣᠭᠴᠠ ᠶᠢᠨ ᠠᠵᠢᠯ ᠢ ᠨᠢᠭᠡᠳᠦᠯᠲᠡᠶ ᠲᠥᠯᠥᠪᠯᠡᠨ᠎ᠡ᠃ | ᠨᠠᠢᠮᠠᠳᠤᠭᠠᠷ ᠵᠦᠢᠯ ᠰᠢᠶᠠᠨ ᠤ ᠰᠣᠶᠣᠯ ᠪᠠ ᠵᠢᠭᠤᠯᠴᠢᠯᠠᠯ ᠤᠨ ᠲᠣᠪᠴᠢᠶ᠎ᠠ ᠨᠢ ᠰᠢᠶᠠᠨ ᠤ ᠡᠳ᠋ ᠤᠨ ᠵᠠᠰᠠᠭ ᠤᠨ | ᠲᠣᠪᠴᠢᠶ᠎ᠠ ᠵᠡᠷᠭᠡ ᠰᠠᠯᠠᠭ᠎ᠠ ᠮᠥᠴᠢᠷ ᠲᠠᠢ ᠬᠠᠮᠲᠤᠷᠠᠨ ᠮᠡᠳᠡᠭᠦᠯᠬᠦ ᠴᠤᠪᠤᠷᠠᠯ ᠢ ᠲᠣᠭᠲᠠᠭᠠᠵᠤ᠂ ᠭᠤᠶᠤᠴᠢᠯᠠᠨ | ᠮᠡᠳᠡᠭᠦᠯᠬᠦ᠂ ᠬᠢᠨᠠᠨ ᠬᠠᠷᠭᠤᠭᠤᠯᠬᠤ᠂ ᠱᠠᠩᠨᠠᠬᠤ ᠵᠡᠷᠭᠡ ᠠᠵᠢᠯ ᠢ ᠲᠣᠳᠣᠷᠬᠠᠶ ᠪᠣᠯᠭᠠᠨ᠎ᠠ᠃ ᠮᠡᠳᠡᠭᠦᠯᠬᠦ ᠭᠤᠤᠯ | ᠴᠣᠭᠴᠠ ᠨᠢ ᠱᠠᠭᠠᠷᠳᠠᠯᠭ᠎ᠠ ᠶᠣᠰᠣᠭᠠᠷ᠂ ᠵᠣᠬᠢᠴᠠᠩᠭᠤᠶ ᠮᠡᠳᠡᠭᠦᠯᠬᠦ ᠮᠠᠲ᠋ᠧᠷᠢᠶᠠᠯ ᠢ ᠬᠠᠩᠭᠠᠨ᠎ᠠ᠃ | ᠶᠢᠰᠦᠳᠦᠭᠡᠷ ᠵᠦᠢᠯ ᠱᠠᠩᠨᠠᠯ ᠢ ᠭᠤᠶᠤᠴᠢᠯᠠᠨ ᠮᠡᠳᠡᠭᠦᠯᠬᠦ ᠳᠤ ᠭᠤᠶᠤᠴᠢᠯᠠᠨ ᠮᠡᠳᠡᠭᠦᠯᠬᠦ᠂ ᠬᠠᠷᠭᠤᠭᠤᠯᠤᠨ | ᠰᠢᠯᠭᠠᠬᠤ᠂ ᠪᠡᠯᠡ ᠮᠥᠩᠭᠦ ᠰᠠᠯᠭᠠᠨ ᠥᠭᠬᠦ ᠭᠤᠷᠪᠠᠨ ᠱᠠᠲᠤ ᠦᠶ᠎ᠡ ᠪᠠᠭᠲᠠᠨ᠎ᠠ᠃ | ︵ᠨᠢᠭᠡ︶ ᠭᠤᠶᠤᠴᠢᠯᠠᠨ ᠮᠡᠳᠡᠭᠦᠯᠬᠦ᠄ ᠮᠡᠳᠡᠭᠦᠯᠬᠦ ᠭᠤᠤᠯ ᠴᠣᠭᠴᠠ ︽ᠰᠢᠩ ᠾᠧ ᠰᠢᠶᠠᠨ ᠤ ᠠᠷᠠᠳ ᠤᠨ | ᠪᠠᠭᠤᠳᠠᠯ ᠤᠨ ᠱᠠᠩᠨᠠᠯ ᠤᠨ ᠪᠠᠯᠠ ᠮᠥᠩᠭᠦ ᠶᠢ ᠭᠤᠶᠤᠴᠢᠯᠠᠨ ᠮᠡᠳᠡᠭᠦᠯᠬᠦ ᠮᠡᠳᠡᠭᠦᠯᠦᠯᠲᠡ︾ ᠶᠢ ᠲᠠᠭᠯᠠᠬᠤ ᠶᠢᠨ ᠬᠠᠮᠲᠤ | ᠪᠠᠶᠢᠭ᠎ᠠ ᠰᠢᠶᠠᠩ ᠪᠠᠯᠭᠠᠰᠤ ᠪᠠᠷ ᠢᠶᠠᠨ ᠵᠥᠪᠰᠢᠶᠡᠷᠡᠭᠦᠯᠦᠭᠡᠳ ᠲᠠᠮᠠᠭ᠎ᠠ ᠳᠠᠷᠤᠭᠰᠠᠨ ᠤ ᠳᠠᠷᠠᠭ᠎ᠠ᠂ ᠰᠢᠶᠠᠨ ᠤ ᠰᠣᠶᠣᠯ | ᠪᠠ ᠵᠢᠭᠤᠯᠴᠢᠯᠠᠯ ᠤᠨ ᠲᠣᠪᠴᠢᠶ᠎ᠠ ᠳᠤ ᠮᠡᠳᠡᠭᠦᠯᠦᠨ᠎ᠡ᠃ | ︵ᠬᠤᠶᠠᠷ︶ ᠬᠢᠨᠠᠨ ᠰᠢᠯᠭᠠᠬᠤ᠄ ᠰᠢᠶᠠᠨ ᠤ ᠰᠣᠶᠣᠯ ᠪᠠ ᠵᠢᠭᠤᠯᠴᠢᠯᠠᠯ ᠤᠨ ᠲᠣᠪᠴᠢᠶ᠎ᠠ ᠠᠷᠠᠳ ᠤᠨ | ᠪᠠᠭᠤᠳᠠᠯ ᠤᠨ ᠬᠥᠭᠵᠢᠯᠲᠡ ᠶᠢᠨ ᠬᠠᠮᠲᠤᠷᠠᠭᠰᠠᠨ ᠬᠤᠷᠠᠯ ᠤᠨ ᠪᠦᠷᠢᠯᠳᠦᠬᠦᠨ ᠨᠢᠭᠡᠴᠡ᠂ ᠬᠠᠮᠢᠶ᠎ᠠ ᠪᠥᠬᠦᠶ ᠲᠤᠰᠬᠠᠶ | ᠮᠡᠷᠭᠡᠵᠢᠯᠲᠡᠨ ᠢ ᠵᠣᠬᠢᠶᠠᠨ ᠪᠠᠶᠢᠭᠤᠯᠵᠤ ᠭᠤᠶᠤᠴᠢᠯᠠᠨ ᠮᠡᠳᠡᠭᠦᠯᠬᠦ ᠭᠤᠤᠯ ᠴᠣᠭᠴᠠ ᠶᠢᠨ ᠮᠡᠳᠡᠭᠦᠯᠦᠭᠰᠡᠨ | ᠮᠠᠲ᠋ᠧᠷᠢᠶᠠᠯ ᠢ ᠬᠢᠨᠠᠨ ᠪᠠᠶᠢᠴᠠᠭᠠᠬᠤ ᠶᠢᠨ ᠬᠠᠮᠲᠤ ᠲᠤᠬᠠᠶ ᠶᠢᠨ ᠭᠠᠵᠠᠷ ᠲᠤᠨᠢ ᠰᠢᠯᠭᠠᠨ ᠠᠪᠤᠨ᠎ᠠ᠃ | ︵ᠭᠤᠷᠪᠠ︶ ᠪᠡᠯᠡ ᠮᠥᠩᠭᠦ ᠰᠠᠯᠭᠠᠨ ᠥᠭᠬᠦ᠄ ᠬᠢᠨᠠᠨ ᠰᠢᠯᠭᠠᠭᠠᠳ ᠬᠢᠷᠢ ᠲᠡᠩᠴᠡᠭᠰᠡᠨ ᠪᠠᠶᠢᠪᠠᠯ᠂ ᠰᠢᠶᠠᠨ ᠤ | ᠠᠷᠠᠳ ᠤᠨ ᠪᠠᠭᠤᠳᠠᠯ ᠤᠨ ᠬᠥᠭᠵᠢᠯᠲᠡ ᠶᠢᠨ ᠬᠠᠮᠲᠤᠷᠠᠭᠰᠠᠨ ᠬᠤᠷᠠᠯ ᠢᠶᠠᠷ ᠪᠠᠲᠤᠯᠠᠭᠰᠠᠨ ᠤ ᠳᠠᠷᠠᠭ᠎ᠠ᠂ ᠰᠢᠶᠠᠨ ᠤ | ᠰᠣᠶᠣᠯ ᠪᠠ ᠵᠢᠭᠤᠯᠴᠢᠯᠠᠯ ᠤᠨ ᠲᠣᠪᠴᠢᠶ᠎ᠠ ᠠᠴᠠ ᠱᠠᠩᠨᠠᠯ ᠤᠨ ᠪᠡᠯᠡ ᠮᠥᠩᠭᠦ ᠶᠢ ᠠᠷᠠᠳ ᠤᠨ ᠪᠠᠭᠤᠳᠠᠯ ᠤᠨ ᠭᠤᠣᠯ | ᠴᠣᠭᠴᠠ ᠳᠤ ᠰᠠᠯᠭᠠᠨ ᠥᠭᠭᠦᠨ᠎ᠡ᠃ | ᠳᠥᠷᠪᠡᠳᠦᠭᠡᠷ ᠪᠦᠯᠦᠭ ᠬᠢᠨᠠᠯᠲᠠ ᠲᠠᠯᠪᠢᠬᠤ ᠪᠠ ᠬᠠᠮᠢᠶᠠᠷᠬᠤ | ᠠᠷᠪᠠᠳᠤᠭᠠᠷ ᠵᠦᠢᠯ ᠶᠠᠮᠠᠷᠪᠠ ᠨᠢᠭᠡᠴᠡ ᠪᠣᠯᠤᠨ ᠬᠤᠪᠢ ᠬᠥᠮᠦᠨ ᠪᠦᠷ ᠬᠤᠳᠠᠯ ᠬᠡᠯᠡᠵᠦ ᠬᠠᠭᠤᠷᠮᠠᠭᠯᠠᠨ | ᠵᠣᠬᠢᠶᠠᠵᠤ᠂ ᠳᠤᠮᠳᠠ ᠠᠴᠠ ᠨᠢ ᠲᠠᠰᠤᠳᠠᠨ ᠦᠯᠡᠳᠡᠭᠡᠵᠦ᠂ ᠨᠡᠭᠦᠯᠭᠡᠨ ᠬᠡᠷᠡᠭᠯᠡᠵᠦ ᠪᠣᠯᠬᠤ ᠦᠭᠡᠶ᠃ ᠬᠤᠳᠠᠯ ᠬᠡᠯᠡᠵᠦ | ᠬᠠᠭᠤᠷᠮᠠᠭ ᠢᠶᠠᠷ ᠵᠣᠬᠢᠶᠠᠬᠤ᠂ ᠱᠠᠩᠨᠠᠯ ᠤᠨ ᠪᠡᠯᠡ ᠮᠥᠩᠭᠦ ᠶᠢ ᠮᠡᠬᠡᠯᠡᠨ ᠠᠪᠤᠭᠰᠠᠨ ᠢᠶᠠᠨ ᠮᠡᠳᠡᠭᠦᠯᠬᠦ ᠭᠤᠤᠯ | ᠴᠣᠭᠴᠠ ᠶᠢ ᠪᠠᠶᠢᠴᠠᠭᠠᠨ ᠳᠣᠲᠣᠯᠠᠮᠠᠭᠴᠠ᠂ ᠢᠯᠡ ᠨᠡᠶᠢᠲᠡᠯᠡᠵᠦ᠂ ᠲᠡᠮᠳᠡᠭᠯᠡᠭᠰᠡᠨ ᠦᠨᠡᠨᠴᠢ ᠢᠲᠡᠭᠡᠮᠵᠢ ᠶᠢᠨ ᠳᠠᠩᠰᠠ | ᠡᠪᠬᠡᠮᠡᠯ ᠢ ᠲᠡᠮᠳᠡᠭᠯᠡᠬᠦ ᠶᠢᠨ ᠬᠠᠮᠲᠤ᠂ ᠨᠢᠭᠡᠨᠲᠡ ᠰᠠᠯᠭᠠᠨ ᠥᠭᠭᠦᠭᠰᠡᠨ ᠱᠠᠩᠨᠠᠯ ᠤᠨ ᠪᠡᠯᠡ ᠮᠥᠩᠭᠦ ᠶᠢ ᠵᠠᠷᠯᠢᠭᠳᠠᠨ | ᠪᠤᠴᠠᠭᠠᠯᠭᠠᠨ᠎ᠠ᠃ ᠡᠭᠦᠨ ᠤ ᠬᠠᠮᠲᠤ᠂ ᠬᠤᠶᠢᠰᠢᠳᠠ ᠰᠢᠶᠠᠨ ᠤ ᠰᠣᠶᠣᠯ ᠪᠠ ᠵᠢᠭᠤᠯᠴᠢᠯᠠᠯ ᠤᠨ ᠲᠣᠪᠴᠢᠶ᠎ᠠ᠂ | ᠰᠢᠶᠠᠨ ᠤ ᠡᠳ᠋ ᠤᠨ ᠵᠠᠰᠠᠭ ᠤᠨ ᠲᠣᠪᠴᠢᠶ᠎ᠠ ᠵᠡᠷᠭᠡ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠬᠤᠯᠪᠣᠭᠳᠠᠯ | ᠪᠦᠬᠦᠢ ᠳᠡᠮᠵᠢᠬᠦ ᠵᠦᠢᠯᠡᠰ ᠤᠨ ᠭᠤᠶᠤᠴᠢᠯᠠᠯ ᠢ ᠬᠦᠯᠢᠶᠡᠨ ᠠᠪᠴᠤ ᠰᠢᠢᠳᠪᠦᠷᠢᠯᠡᠬᠦ ᠦᠭᠡᠢ᠃ ᠶᠠᠯ᠎ᠠ ᠳᠤ | ᠬᠦᠷᠦᠭᠰᠡᠨ ᠠᠴᠠ ᠪᠣᠯᠤᠭᠰᠠᠨ ᠪᠣᠯ ᠬᠠᠤᠯᠢ ᠴᠠᠭᠠᠵᠠ ᠶᠢᠨ ᠪᠠᠶᠢᠭᠤᠯᠤᠯᠭ᠎ᠠ ᠳᠤ ᠰᠢᠯᠵᠢᠭᠦᠯᠦᠨ ᠬᠦᠷᠭᠡᠵᠦ ᠬᠠᠤᠯᠢ | ᠶᠣᠰᠣᠭᠠᠷ ᠰᠢᠢᠳᠪᠦᠷᠢᠯᠡᠬᠦ ᠬᠡᠷᠡᠭᠲᠡᠶ᠃ | ᠠᠷᠪᠠᠨ ᠨᠢᠭᠡᠳᠦᠭᠡᠷ ᠵᠦᠢᠯ ᠪᠡᠯᠡ ᠮᠥᠩᠭᠦ ᠶᠢᠨ ᠱᠠᠩᠨᠠᠯ ᠣᠯᠬᠤ ᠶᠢ ᠭᠤᠶᠤᠴᠢᠯᠠᠨ ᠮᠡᠳᠡᠭᠦᠯᠬᠦ ᠭᠤᠣᠯ | ᠴᠣᠭᠴᠠ ᠨᠢ ᠤᠯᠤᠰ ᠤᠨ ᠬᠠᠮᠢᠶ᠎ᠠ ᠪᠦᠬᠦᠢ ᠨᠢᠭᠲᠠᠯᠠᠨ ᠪᠣᠳᠣᠬᠤ ᠳᠦᠷᠢᠮ ᠤᠨ ᠶᠣᠰᠣᠭᠠᠷ ᠳᠠᠩᠰᠠ ᠡᠪᠬᠡᠮᠡᠯ ᠢ | ᠰᠢᠢᠳᠪᠦᠷᠢᠯᠡᠵᠦ᠂ ᠰᠢᠶᠠᠨ ᠤ ᠰᠣᠶᠣᠯ ᠪᠠ ᠵᠢᠭᠤᠯᠴᠢᠯᠠᠯ ᠤᠨ ᠲᠣᠪᠴᠢᠶ᠎ᠠ᠂ ᠰᠢᠶᠠᠨ ᠤ ᠡᠳ᠋ ᠤᠨ ᠵᠠᠰᠠᠭ ᠤᠨ | ᠲᠣᠪᠴᠢᠶ᠎ᠠ᠂ ᠰᠢᠶᠠᠨ ᠤ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠥᠪᠯᠡᠯ᠂ ᠰᠢᠶᠠᠨ ᠤ ᠬᠢᠨᠠᠨ | ᠪᠣᠳᠣᠬᠤ ᠲᠣᠪᠴᠢᠶ᠎ᠠ ᠵᠡᠷᠭᠡ ᠰᠠᠯᠠᠭ᠎ᠠ ᠮᠥᠴᠢᠷ ᠤᠨ ᠬᠢᠨᠠᠯᠲᠠ ᠪᠠᠶᠢᠴᠠᠭᠠᠯᠲᠠ ᠶᠢ ᠬᠦᠯᠢᠶᠡᠬᠦ ᠶᠢᠨ ᠬᠠᠮᠲᠤ ᠬᠠᠮᠢᠶ᠎ᠠ | ᠪᠦᠬᠦᠢ ᠠᠵᠢᠯ ᠢ ᠬᠠᠮᠵᠢᠯᠴᠠᠨ ᠥᠷᠨᠢᠭᠦᠯᠦᠨ᠎ᠡ᠃ | ᠲᠠᠪᠤᠳᠤᠭᠠᠷ ᠪᠦᠯᠦᠭ ᠳᠠᠭᠠᠯᠳᠤᠭᠤᠯᠤᠯ ᠳᠦᠷᠢᠮ | ᠠᠷᠪᠠᠨ ᠬᠤᠶᠠᠳᠤᠭᠠᠷ ᠵᠦᠢᠯ ᠲᠤᠰ ᠠᠷᠭ᠎ᠠ ᠶᠢ ᠰᠢᠶᠠᠨ ᠤ ᠰᠣᠶᠣᠯ ᠪᠠ ᠵᠢᠭᠤᠯᠴᠢᠯᠠᠯ ᠤᠨ ᠲᠣᠪᠴᠢᠶ᠎ᠠ ᠠᠴᠠ | ᠰᠢᠶᠠᠨ ᠤ ᠡᠳ᠋ ᠤᠨ ᠵᠠᠰᠠᠭ ᠤᠨ ᠲᠣᠪᠴᠢᠶ᠎ᠠ ᠲᠠᠢ ᠬᠠᠮᠲᠤᠷᠠᠨ ᠬᠠᠷᠢᠭᠤᠴᠠᠨ ᠲᠠᠶᠢᠯᠪᠤᠷᠢᠯᠠᠨ᠎ᠠ᠃ | ᠠᠷᠪᠠᠨ ᠭᠤᠷᠪᠠᠳᠤᠭᠠᠷ ᠵᠦᠢᠯ ᠲᠤᠰ ᠠᠷᠭ᠎ᠠ ᠶᠢ ᠨᠡᠶᠢᠲᠡᠯᠡᠭᠰᠡᠨ ᠡᠳᠦᠷ ᠠᠴᠠ ᠡᠬᠢᠯᠡᠵᠦ ᠬᠡᠷᠡᠭᠵᠢᠭᠦᠯᠦᠨ᠎ᠡ᠂ | ᠬᠦᠴᠦᠨ ᠲᠠᠢ ᠬᠤᠭᠤᠴᠠᠭ᠎ᠠ ᠨᠢ ᠬᠤᠶᠠᠷ ᠵᠢᠯ ᠪᠣᠯᠤᠨ᠎ᠠ᠃ | ᠵᠤᠬᠢᠶᠠᠭᠴᠢ᠄ ᠰᠢᠩ ᠾᠧ ᠰᠢᠶᠠᠨ ᠤ ᠵᠠᠰᠠᠭ ᠤᠨ ᠤᠷᠳᠤᠨ | ᠤᠷᠴᠢᠭᠤᠯᠤᠭᠴᠢ᠄ ᠮᠥᠩᠭᠦᠨᠰᠤᠶᠢᠬᠡ | ᠬᠢᠨᠠᠨ ᠬᠠᠷᠭᠤᠭᠤᠯᠤᠭᠴᠢ᠄ ᠨᠠᠷᠠᠰᠤ |