ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠲᠤᠭᠤᠱᠢᠯᠠᠭᠤᠯᠤᠨ ᠨᠠᠢᠳᠠᠪᠤᠷᠢᠵᠢᠭᠤᠯᠵᠤ | ᠂ ᠶᠡᠷᠦᠩᠬᠡᠢ ᠱᠦᠵᠢ ᠰᠢ ᠶᠢᠨ ᠫᠢᠩ ᠤᠨ ᠦᠨᠳᠤᠰᠤᠲᠡᠨ ᠤ ᠠᠵᠢᠯ ᠢ ᠴᠢᠩᠭᠠᠳᠭᠠᠨ ᠰᠠᠢᠵᠢᠷᠠᠭᠤᠯᠬᠤ ᠲᠤᠬᠠᠢ ᠴᠢᠬᠤᠯᠠ | ᠦᠵᠡᠯ ᠰᠠᠨᠠᠭ᠎ᠠ ᠶᠢ ᠪᠦᠬᠦ ᠲᠠᠯ᠎ᠠ ᠪᠠᠷ ᠡᠵᠡᠮᠳᠡᠨ ᠲᠤᠭᠤᠱᠢᠯᠠᠭᠤᠯᠬᠤ ᠶᠢᠨ ᠲᠥᠯᠥᠭᠡ᠃ 5 ᠰᠠᠷ᠎ᠠ ᠶᠢᠨ 8 ᠤ ᠡᠳᠦᠷ᠂ | ᠰᠢᠩ ᠾᠧ ᠰᠢᠶᠠᠨ 2024 ᠣᠨ ᠤ ︽ᠦᠨᠳᠦᠰᠦᠲᠡᠨ ᠤ ᠲᠥᠷᠥ ᠶᠢᠨ ᠪᠣᠳᠣᠯᠭ᠎ᠠ ᠶᠢᠨ ᠤᠬᠠᠭᠤᠯᠭ᠎ᠠ ᠶᠢᠨ ᠰᠠᠷ᠎ᠠ︾ | ᠵᠢᠴᠢ ︽ᠦᠨᠳᠦᠰᠦᠲᠡᠨ ᠤ ᠬᠠᠤᠯᠢ ᠪᠠᠷ ᠵᠠᠰᠠᠬᠤ ᠤᠬᠠᠭᠤᠯᠭ᠎ᠠ ᠶᠢᠨ ᠭᠠᠷᠠᠭ︾ ᠤᠨ ᠡᠬᠢᠯᠡᠯᠲᠡ ᠶᠢᠨ ᠶᠣᠰᠣᠯᠠᠯ ᠶᠠᠪᠤᠭᠤᠯᠪᠠ᠃ | | | | ᠠᠵᠢᠯᠯᠠᠭ᠎ᠠ ᠶᠢᠨ ᠳᠤᠮᠳᠠ᠂ ᠲᠤᠬᠠᠶ ᠶᠢᠨ ᠲᠠᠯᠠᠪᠤᠷ ᠤᠨ ᠠᠵᠢᠯᠲᠠᠳ ᠡᠯᠭᠦᠭᠡ ᠪᠢᠴᠢᠭᠡᠰᠦ ᠡᠯᠭᠦᠬᠦ᠂ ᠲᠤᠬᠠᠶ ᠶᠢᠨ | ᠲᠠᠯᠠᠪᠤᠷ ᠲᠤ ᠲᠠᠶᠢᠯᠪᠤᠷᠢᠯᠠᠬᠤ᠂ ᠤᠬᠠᠭᠤᠯᠭ᠎ᠠ ᠶᠢᠨ ᠬᠠᠭᠤᠳᠠᠰᠤ ᠲᠠᠷᠬᠠᠭᠠᠬᠤ ᠵᠡᠷᠭᠡ ᠠᠷᠭ᠎ᠠ ᠮᠠᠶ᠋ᠢᠭ ᠢᠶᠠᠷ ᠣᠯᠠᠨ | ᠲᠦᠮᠡᠨ ᠳᠤ ᠨᠠᠮ ᠤᠨ ᠦᠨᠳᠦᠰᠦᠲᠡᠨ ᠤ ᠲᠥᠷᠥ ᠶᠢᠨ ᠪᠣᠳᠣᠯᠭ᠎ᠠ ᠵᠢᠴᠢ ᠬᠠᠤᠯᠢ ᠴᠠᠭᠠᠵᠠ ᠬᠠᠤᠯᠢ ᠲᠣᠭᠲᠠᠭᠠᠯ ᠤᠨ | ᠮᠡᠳᠡᠯᠭᠡ ᠶᠢ ᠤᠬᠠᠭᠤᠯᠪᠠ᠃ ᠰᠢᠩ ᠾᠧ ᠰᠢᠶᠠᠨ ᠤ ᠤᠯᠠᠭᠠᠨᠮᠥ᠋ᠴᠢᠷ ︽ᠬᠦᠰᠡᠯ ᠨᠠᠶᠢᠳᠠᠯᠭ᠎ᠠ ᠶᠢ ᠪᠠᠲᠤ ᠴᠡᠭᠡᠵᠢᠯᠡᠵᠦ᠂ | ᠠᠴᠢ ᠡᠨᠡᠷᠢᠯ ᠳᠤ ᠲᠠᠯᠠᠷᠬᠠᠨ ᠡᠷᠡᠯᠬᠡᠭᠯᠡᠨ ᠤᠷᠤᠭᠰᠢᠯᠠᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ | ᠤᠬᠠᠮᠰᠠᠷ ᠤᠨ ᠵᠢᠱᠢᠶ᠎ᠡ ᠦᠵᠡᠭᠦᠯᠬᠦ ᠣᠷᠣᠨ ᠢ ᠪᠠᠲᠤ ᠴᠣᠭᠴᠠᠯᠠᠬᠤ︾ ᠪᠠᠷ ᠭᠤᠣᠯ ᠰᠡᠳᠦᠪ ᠪᠣᠯᠭᠠᠭᠰᠠᠨ ᠤᠷᠠᠨ ᠰᠠᠶᠢᠬᠠᠨ ᠤ | ᠲᠣᠭᠯᠠᠯᠲᠠ ᠭᠠᠷᠭᠠᠵᠤ᠂ ᠭᠤᠶᠢᠳᠠ ᠰᠠᠶᠢᠬᠠᠨ ᠲᠣᠭᠯᠠᠯᠲᠠ ᠪᠠᠷ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠤᠨ | ᠪᠠᠶᠠᠯᠢᠭ ᠠᠭᠤᠯᠤᠭᠳᠠᠬᠤᠨ ᠢ ᠳᠡᠯᠭᠡᠨ ᠦᠵᠡᠭᠦᠯᠵᠦ᠂ ᠦᠨᠳᠦᠰᠦᠲᠡᠨ ᠨᠦᠭᠦᠳ ᠤᠨ ᠳᠤᠮᠳᠠᠳᠤ ᠶᠢᠨ ᠭᠡᠷᠡᠯ ᠰᠠᠴᠤᠷᠠᠩᠭᠤᠢ | ᠤᠯᠠᠮᠵᠢᠯᠠᠯᠲᠤ ᠰᠣᠶᠣᠯ ᠪᠣᠯᠤᠨ ᠠᠭᠤᠤ ᠶᠡᠭᠡ ᠵᠣᠷᠢᠭ ᠰᠠᠨᠠᠭ᠎ᠠ ᠶᠢ ᠢᠯᠡᠷᠡᠭᠦᠯᠵᠦ᠂ ᠪᠦᠬᠦ ᠰᠢᠶᠠᠨ ᠤ | ᠦᠨᠳᠦᠰᠦᠲᠡᠨ ᠨᠦᠭᠦᠳ ᠤᠨ ᠤᠯᠠᠨ ᠲᠦᠮᠡᠨ ᠤ ᠠᠨᠠᠷ ᠤᠨ ᠦᠷ᠎ᠡ ᠰᠢᠭ ᠨᠢᠭᠲᠠᠷᠠᠨ ᠪᠦᠯᠬᠦᠮᠳᠡᠵᠦ᠂ ᠪᠦᠬᠦ ᠰᠢᠶᠠᠨ ᠤ | ᠦᠨᠳᠦᠰᠦᠲᠡᠨ ᠨᠦᠭᠦᠳ ᠤᠨ ᠰᠣᠶᠣᠯ ᠤᠨ ᠶᠡᠭᠡ ᠬᠥᠭᠵᠢᠯ ᠴᠡᠴᠡᠭᠯᠡᠯ ᠢ ᠲᠠᠰᠤᠷᠠᠯᠲᠠ ᠦᠭᠡᠢ ᠠᠬᠢᠭᠤᠯᠵᠤ᠂ ᠤᠯᠠᠨ | ᠲᠦᠮᠡᠨ ᠤ ᠤᠶᠤᠨ ᠤ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠤᠨ᠎ᠠ᠃ | | | ᠰᠢᠩ ᠾᠧ ᠰᠢᠶᠠᠨ ᠦᠨᠳᠦᠰᠦᠲᠡᠨ ᠨᠦᠭᠦᠳ ᠤᠨ ᠤᠯᠠᠨ ᠲᠦᠮᠡᠨ ᠯᠦᠭᠡ ᠶᠢᠨ ᠬᠠᠷᠢᠯᠴᠠᠭ᠎ᠠ ᠪᠠᠨ ᠲᠠᠰᠤᠷᠠᠯᠲᠠ | ᠦᠭᠡᠢ ᠴᠢᠩᠭᠠᠳᠬᠠᠵᠤ᠂ ᠦᠨᠳᠦᠰᠦᠲᠡᠨ ᠤ ᠪᠦᠯᠬᠦᠮᠳᠡᠯ ᠲᠠᠪᠰᠢᠯᠳᠠ ᠶᠢᠨ ᠤᠬᠠᠭᠤᠯᠭ᠎ᠠ ᠶᠢᠨ ᠡᠷᠴᠢᠮ ᠢᠶᠠᠨ ᠴᠢᠩᠭᠠᠳᠬᠠᠵᠤ᠂ | ᠭᠦᠨ ᠵᠤᠵᠠᠭᠠᠨ ᠦᠨᠳᠦᠰᠦᠲᠡᠨ ᠤ ᠪᠦᠯᠬᠦᠮᠳᠡᠯ ᠤᠨ ᠠᠭᠤᠷ ᠠᠮᠢᠰᠬᠤᠯ ᠢ ᠪᠤᠢ ᠪᠣᠯᠭᠠᠵᠤ᠂ ᠦᠨᠳᠦᠰᠦᠲᠡᠨ ᠤ ᠪᠦᠯᠬᠦᠮᠳᠡᠯ | ᠲᠠᠪᠰᠢᠯᠳᠠ ᠶᠢᠨ ᠠᠵᠢᠯ ᠤᠨ ᠲᠠᠬᠢᠨ ᠰᠢᠨ᠎ᠡ ᠳᠡᠭᠲᠡᠷ ᠲᠤ ᠭᠠᠷᠬᠤ ᠶᠢ ᠠᠬᠢᠭᠤᠯᠵᠤ᠂ ᠳᠤᠮᠳᠠᠳᠤ ᠶᠢᠨ ᠦᠨᠳᠦᠰᠦᠲᠡᠨ ᠤ | ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠪᠠᠬᠢ ᠪᠤᠢ ᠪᠣᠯᠭᠠᠪᠠ᠃ ︽ᠭᠤᠷᠪᠠᠨ ᠰᠠᠯᠵᠤ ᠴᠢᠳᠠᠬᠤ ᠥᠬᠡᠶ︾᠂ ︽ | ᠳᠥᠷᠪᠡᠨ ᠬᠠᠮᠲᠤ︾᠂ ︽ᠳᠥᠷᠪᠡᠨ ᠬᠠᠮᠲᠤ ᠶᠢᠨ ᠲᠠᠨᠢᠯᠲᠠ︾᠂ ︽ᠲᠠᠪᠤᠨ ᠦᠵᠡᠯᠲᠡ︾ ᠵᠡᠷᠭᠡ ᠣᠶᠢᠯᠠᠭᠠᠭᠳᠠᠬᠤᠨ ᠪᠠ | ᠱᠠᠭᠠᠷᠳᠠᠯᠭ᠎ᠠ ᠶᠢ ᠤᠬᠠᠭᠤᠯᠤᠨ ᠲᠠᠶᠢᠯᠪᠤᠷᠢᠯᠠᠬᠤ ᠶᠢ ᠭᠦᠨᠵᠡᠭᠡᠶ ᠥᠷᠨᠢᠭᠦᠯᠵᠦ᠂ ᠳᠤᠮᠳᠠᠳᠤ ᠶᠢᠨ ᠦᠨᠳᠦᠰᠦᠲᠡᠨ ᠤ | ᠬᠠᠮᠲᠤ ᠶᠢᠨ ᠴᠣᠭᠴᠠ ᠶᠢᠨ ᠥᠯᠢᠭᠡᠷ ᠢ ᠰᠠᠶᠢᠲᠤᠷ ᠶᠠᠷᠢᠵᠤ᠂ ᠦᠨᠳᠦᠰᠦᠲᠡᠨ ᠨᠦᠭᠦᠳ ᠤᠨ ᠣᠯᠠᠨ ᠲᠦᠮᠡᠨ ᠤ | ᠳᠤᠮᠳᠠᠳᠤ ᠶᠢᠨ ᠦᠨᠳᠦᠰᠦᠲᠡᠨ ᠢ ᠮᠡᠳᠡᠷᠡᠬᠦ ᠰᠡᠳᠬᠢᠯᠭᠡ ᠪᠠ ᠣᠮᠤᠭ ᠪᠠᠭ᠋ᠠᠳᠤᠯᠲᠤ ᠰᠡᠳᠬᠢᠯᠭᠡ ᠶᠢ ᠴᠢᠩᠭᠠᠳᠬᠠᠵᠤ᠂ | ᠰᠡᠳᠬᠢᠯ ᠢᠶᠠᠨ ᠨᠢᠭᠡᠳᠬᠡᠨ ᠬᠦᠴᠦ ᠪᠠᠨ ᠬᠠᠮᠲᠤᠳᠬᠠᠵᠤ ᠬᠤᠶᠠᠷ ᠶᠡᠭᠡ ᠶᠠᠪᠤᠳᠠᠯ ᠢ ᠰᠠᠶᠢᠲᠤᠷ ᠬᠢᠵᠦ᠂ ︽ᠰᠢᠨ᠎ᠡ ᠶᠢ | ᠡᠭᠦᠳᠬᠦ ᠵᠠᠮ ᠢ ᠡᠭᠦᠳᠴᠦ᠂ ᠳᠤᠮᠳᠠ ᠤᠷᠤᠰᠬᠠᠯ ᠳᠤ ᠣᠷᠣᠬᠤ︾ ᠬᠠᠷᠠᠯᠲᠠ ᠶᠢ ᠴᠢᠷᠮᠠᠶᠢᠨ ᠪᠡᠶᠡᠯᠡᠭᠦᠯᠦᠨ᠎ᠡ᠃ | ᠰᠢᠶᠠᠨ ᠤ ᠳᠥᠷᠪᠡᠨ ᠶᠡᠭᠡ ᠤᠳᠤᠷᠢᠳᠬᠤ ᠪᠠᠭ ᠤᠨ ᠭᠡᠷ ᠲᠡᠭᠡᠨ ᠪᠠᠶᠢᠭ᠎ᠠ ᠤᠳᠤᠷᠢᠳᠤᠯᠭ᠎ᠠ᠂ ᠰᠢᠭᠦᠬᠦ ᠬᠤᠷᠢᠶᠠᠨ ᠤ | ᠳᠠᠷᠤᠭ᠎ᠠ ᠵᠢᠴᠢ ᠬᠤᠯᠪᠣᠭᠳᠠᠯ ᠪᠦᠬᠦᠢ ᠨᠢᠭᠡᠴᠡ ᠶᠢᠨ ᠭᠤᠣᠯ ᠬᠠᠷᠢᠭᠤᠴᠠᠯᠭᠠᠲᠠᠨ ᠠᠵᠢᠯᠯᠠᠭ᠎ᠠ ᠳᠤ ᠣᠷᠣᠯᠴᠠᠪᠠ᠃ | ᠢᠷᠡᠯᠲᠡ᠄ ᠠᠮᠢᠵᠢᠷᠠᠯ ᠤᠨ ᠬᠦᠴᠦᠨ ᠲᠠᠢ ᠰᠢᠩ ᠾᠧ | ᠵᠤᠬᠢᠶᠠᠭᠴᠢ᠄ ᠰᠢᠩ ᠾᠧ ᠰᠢᠶᠠᠨ ᠤ ᠵᠠᠰᠠᠭ ᠤᠨ ᠤᠷᠳᠤᠨ | ᠤᠷᠴᠢᠭᠤᠯᠤᠭᠴᠢ᠄ ᠨᠠᠷᠠᠰᠤ | ᠬᠢᠨᠠᠨ ᠬᠠᠷᠭᠤᠭᠤᠯᠤᠭᠴᠢ᠄ ᠮᠥᠩᠭᠦᠨᠰᠤᠶᠢᠬᠡ | |