ᠶᠢᠰᠦᠨ ᠰᠠᠷ᠎ᠠ ᠶᠢᠨ ᠶᠢᠰᠦᠨ ᠳᠤ ᠠᠭᠤᠯᠠ ᠠᠪᠠᠷᠢᠬᠤ ᠤᠯᠠᠷᠢᠯ ᠰᠤᠮᠤᠨ ᠠᠭᠤᠯᠠᠨ ᠤ ᠨᠠᠮᠤᠷ ᠤᠨ ᠦᠵᠡᠮᠵᠢ ᠶᠢ ᠰᠣᠨᠢᠷᠬᠠᠨ᠎ᠠ
ᠨᠡᠶᠢᠲᠡᠯᠡᠭᠰᠡᠨ ᠴᠠᠭ᠄
2024/3/7
      ᠰᠤᠮᠤᠨ ᠠᠭᠤᠯᠠ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠯᠠᠭᠠᠨᠴᠠᠪ ᠬᠤᠲᠠ ᠶᠢᠨ ᠰᠢᠩ ᠾᠧ ᠰᠢᠶᠠᠨ ᠳᠤ ᠪᠠᠶᠢᠷᠢᠯᠠᠵᠤ᠂ ᠡᠮᠦᠨ᠎ᠡ ᠲᠠᠯ᠎ᠠ ᠨᠢ ᠱᠠᠨ ᠰᠢ ᠮᠤᠵᠢ ᠶᠢᠨ ᠶᠠᠩᠭᠤᠤ᠂ ᠲᠢᠶᠠᠨ ᠵᠧᠨ ᠰᠢᠶᠠᠨ ᠲᠠᠢ ᠵᠠᠬ᠎ᠠ ᠨᠡᠶᠢᠯᠡᠵᠦ᠂ ᠪᠠᠷᠠᠭᠤᠨ ᠲᠠᠯ᠎ᠠ ᠨᠢ ᠹᠧᠩᠵᠧᠨ ᠬᠤᠲᠠ ᠲᠠᠢ ᠬᠥᠷᠰᠢᠯᠡᠵᠦ᠂ ᠱᠠᠨ ᠰᠢ᠂ ᠾᠤᠪᠸᠢ᠂ ᠮᠣᠩᠭᠤᠯ ᠭᠤᠷᠪᠠᠨ ᠮᠤᠵᠢ ︵ᠣᠷᠣᠨ︶᠎ ᠶᠢᠨ ᠠᠭᠤᠯᠵᠠᠷ ᠭᠠᠵᠠᠷ ᠪᠣᠯᠤᠨ᠎ᠠ᠃
     ᠰᠤᠮᠤᠨ ᠠᠭᠤᠯᠠ ᠶᠢᠨ ᠵᠤᠨ ᠤ ᠳᠤᠮᠳᠠᠴᠢ ᠠᠭᠠᠷ ᠤᠨ ᠳᠤᠯᠠᠭᠠᠨ ᠨᠢ 19.9 ᠭᠷᠠᠳᠦ᠋ᠰ ᠯᠡ ᠪᠠᠶᠢᠳᠠᠭ᠃ ᠠᠭᠤᠯᠠᠨ ᠬᠤᠷᠮᠣᠶ ᠶᠢᠨ ᠬᠥᠭᠦᠷᠭᠡᠨ ᠵᠠᠮ ᠢᠶᠠᠷ ᠨᠢᠭᠡ ᠵᠠᠮ ᠥᠨᠳᠥᠷ ᠲᠤ ᠠᠪᠠᠷᠢᠬᠤ ᠳᠤ᠂ ᠠᠭᠤᠯᠠ ᠶᠢᠨ ᠳᠤᠮᠳᠠ ᠳᠠᠪᠬᠤᠷᠭ᠎ᠠ ᠶᠢᠨ ᠣᠶ ᠰᠢᠭᠤᠶ ᠳᠤ ᠪᠦᠷᠬᠦᠭᠳᠡᠵᠦ᠂ ᠭᠤᠶᠢᠳᠠ ᠰᠠᠶᠢᠬᠠᠨ ᠢᠶᠠᠷ ᠢᠶᠠᠨ᠂ ᠪᠣᠯᠵᠣᠮᠣᠷ ᠰᠢᠪᠠᠭᠤ ᠳᠣᠩᠭᠤᠳᠴᠤ ᠴᠡᠴᠡᠭ ᠳᠡᠯᠭᠡᠷᠡᠨ᠂ ᠨᠠᠷᠢᠨ ᠤᠰᠤ ᠭᠤᠷᠴᠢᠭᠢᠨᠠᠨ᠂ ᠨᠠᠷᠠᠰᠤᠨ ᠤ ᠲᠠᠭᠤᠨ ᠳᠠᠪᠠᠯᠭᠠᠯᠠᠨ ᠳᠠᠪᠠᠯᠭᠠᠯᠠᠵᠤ ᠂ ᠠᠯᠬᠤᠯᠠᠨ ᠠᠯᠬᠤᠵᠤ ᠦᠵᠡᠮᠵᠢ ᠪᠠᠨ ᠰᠣᠯᠢᠵᠤ᠂ ᠭᠤᠶᠢᠳᠠ ᠰᠠᠶᠢᠬᠠᠨ ᠨᠠᠮᠤᠷ ᠤᠨ ᠥᠩᠭᠡ ᠨᠢᠳᠦᠨ ᠤ ᠢᠷᠣᠭᠠᠷ ᠲᠤ ᠣᠶᠢᠷᠠᠳᠴᠠᠶ᠃
     ᠤᠯᠠᠭᠠᠨᠴᠠᠪ ᠬᠤᠲᠠ ᠶᠢᠨ ᠰᠢᠩ ᠾᠧ ᠰᠢᠶᠠᠨ ᠤ ᠰᠤᠮᠤᠨ ᠠᠭᠤᠯᠠ ᠶᠢᠨ ᠣᠶ ᠰᠢᠭᠤᠶ ᠶᠢᠨ ᠴᠡᠴᠡᠷᠯᠢᠭ ᠲᠤ᠂ ᠤᠯᠠᠭᠠᠨᠴᠠᠪ ᠤᠨ ︽ᠣᠶ ᠰᠢᠭᠤᠶ ᠶᠢᠨ ᠬᠥᠭ ᠠᠶᠠᠰ︾ ᠰᠤᠮᠤᠨ ᠠᠭᠤᠯᠠ ᠶᠢᠨ ᠶᠢᠰᠦᠨ ᠰᠠᠷ᠎ᠠ ᠶᠢᠨ ᠶᠢᠰᠦᠨ ᠤ ᠠᠭᠤᠯᠠ ᠠᠪᠠᠷᠢᠬᠤ ᠤᠯᠠᠷᠢᠯ ᠤᠨ ᠬᠦᠳᠡᠯᠭᠡᠭᠡᠨ ᠥᠷᠨᠢᠭᠦᠯᠬᠦ ᠪᠠᠷ ᠪᠣᠶ᠃
     ᠰᠤᠮᠤᠨ ᠠᠭᠤᠯᠠ ᠪᠣᠯ ᠥᠪᠥᠷ ᠮᠣᠩᠭᠤᠯ ᠤᠨ ᠳᠤᠮᠳᠠ ᠪᠠᠷᠠᠭᠤᠨ ᠬᠡᠰᠡᠭ ᠤᠨ ᠭᠠᠵᠠᠷ ᠣᠷᠣᠨ ᠤ ᠬᠠᠮᠤᠭ ᠤᠨ ᠲᠣᠮᠣ ᠲᠠᠷᠢᠮᠠᠯ ᠣᠶ ᠰᠢᠭᠤᠶ ᠶᠢᠨ ᠲᠠᠯᠠᠪᠠᠶ ᠪᠣᠯᠬᠤ ᠪᠥᠭᠡᠳ ᠪᠠᠰᠠ ᠴᠤ ᠤᠮᠠᠷᠠᠲᠤ ᠣᠷᠣᠨ ᠤ ᠬᠠᠮᠤᠭ ᠤᠨ ᠲᠣᠮᠣ ᠨᠠᠪᠴᠢ ᠵᠤᠯᠭᠠᠷᠠᠬᠤ ᠨᠠᠷᠠᠰᠤᠨ ᠣᠶ ᠪᠣᠯᠤᠨ᠎ᠠ᠃ ᠠᠳᠡ 20.5 ᠲᠦᠮᠡᠨ ᠮᠥ ᠣᠶ ᠰᠢᠭᠤᠶ ᠲᠠᠢ᠂ 1000 ᠭᠠᠷᠤᠶ ᠲᠦᠮᠡᠨ ᠰᠠᠭᠤᠷᠢ ᠣᠶ ᠮᠣᠳᠣ ᠲᠠᠢ᠂ ᠪᠢᠯᠢᠭ ᠬᠦᠴᠢᠯᠲᠥ᠋ᠷᠥᠭᠴᠢ ᠶᠢᠨ ᠢᠶᠣᠨ ᠨᠢ 5800/m᠎ ᠠᠴᠠ ᠳᠡᠭᠡᠭᠰᠢ ᠪᠠᠶᠢᠵᠤ᠂ ︽ᠪᠠᠶᠢᠭᠠᠯᠢ ᠶᠢᠨ ᠬᠦᠴᠢᠯᠲᠥ᠋ᠷᠥᠭᠴᠢ ᠶᠢᠨ ᠪᠠᠭᠠᠷ︾ ᠭᠡᠳᠡᠭ ᠨᠡᠷ᠎ᠡ ᠲᠠᠢ ᠶᠤᠮ᠃      ᠰᠤᠮᠤᠨ ᠠᠭᠤᠯᠠᠨ ᠤ ᠵᠡᠭᠦᠨ ᠪᠠᠷᠠᠭᠤᠨ ᠣᠷᠳᠣ ᠨᠢ 35 ᠺᠢᠯᠣᠮᠧᠲᠷ᠂ ᠡᠮᠦᠨ᠎ᠡ ᠤᠮᠠᠷ᠎ᠠ ᠶᠢᠨ ᠥᠷᠭᠡᠨ ᠨᠢ 19 ᠺᠢᠯᠣᠮᠧᠲᠷ᠃ ᠣᠶ ᠰᠢᠭᠤᠶ ᠶᠢᠨ ᠪᠦᠷᠬᠦᠴᠡ ᠶᠢᠨ ᠨᠣᠷᠮ᠎ᠠ 74.8% ᠪᠠᠶᠢᠵᠤ᠂ ᠲᠡᠯᠡᠶ ᠶᠢᠨ ᠲᠦᠪᠰᠢᠨ ᠠᠴᠠ ᠳᠤᠮᠳᠠᠴᠢ ᠪᠠᠷ 2000 ᠮᠧᠲᠷ ᠠᠴᠠ ᠳᠡᠭᠡᠭᠰᠢ ᠡᠷᠭᠦᠭᠳᠡᠵᠦ᠂ ᠬᠠᠮᠤᠭ ᠤᠨ ᠥᠨᠳᠥᠷ ᠴᠡᠭ ᠨᠢ 2334.7 ᠮᠧᠲᠷ ᠪᠠᠶᠢᠵᠤ᠂ ᠤᠯᠠᠭᠠᠨᠴᠠᠪ ᠬᠤᠲᠠ ᠶᠢᠨ ︽ᠵᠦᠮᠤᠯᠠᠩ ᠤᠨ ᠣᠷᠭᠢᠯ︾ ᠪᠣᠯᠤᠨ᠎ᠠ᠃                                   ᠢᠷᠡᠯᠲᠡ᠄  ᠠᠮᠢᠵᠢᠷᠠᠯ ᠤᠨ ᠬᠦᠴᠦᠨ ᠲᠠᠢ ᠰᠢᠩ ᠾᠧ                               ᠤᠷᠴᠢᠭᠤᠯᠤᠭᠴᠢ᠄ ᠮᠥᠩᠭᠦᠨᠰᠤᠶᠢᠬᠡ                               ᠬᠢᠨᠠᠨ ᠬᠠᠷᠭᠤᠭᠤᠯᠤᠭᠴᠢ᠄ ᠮᠥᠩᠭᠦᠨᠰᠤᠶᠢᠬᠡ
 
ᠢᠷᠡᠯᠲᠡ᠄ ᠰᠢᠩ ᠾᠧ ᠰᠢᠶᠠᠨ ᠤ ᠵᠠᠰᠠᠭ ᠤᠨ ᠣᠷᠳᠣᠨ ᠤ ᠬᠢᠲᠠᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3