ᠴᠤᠤᠷᠬᠠᠯ ᠲᠡᠭᠦᠰᠬᠦ ᠦᠷᠲᠡᠭᠡ | ᠤᠷᠲᠤ ᠬᠤᠭᠤᠴᠠᠭ᠎ᠠ ᠪᠠᠷ ᠬᠥᠯ ᠢᠶᠠᠨ ᠳᠡᠪᠲᠦᠭᠡ ᠭᠡᠭᠰᠡᠨ ᠠᠴᠠ ᠣᠷᠴᠢᠨ ᠲᠣᠭᠤᠷᠢᠨ ᠤ ᠴᠢᠰᠤᠨ | ᠰᠤᠳᠠᠯ ᠤᠨ ᠲᠡᠯᠡᠬᠦ ᠪᠣᠯᠤᠨ ᠪᠦᠬᠦ ᠪᠡᠶ᠎ᠡ ᠶᠢᠨ ᠴᠢᠰᠤᠨ ᠤ ᠤᠷᠤᠰᠭᠠᠯ ᠢ ᠨᠡᠮᠡᠭᠳᠡᠭᠦᠯᠳᠡᠭ᠂ ᠡᠨᠡ ᠨᠢ ᠵᠢᠷᠦᠬᠡᠨ ᠤ | ᠴᠢᠰᠤᠨ ᠤ ᠡᠷᠭᠢᠯᠲᠡ ᠶᠢ ᠪᠠᠭᠠᠰᠬᠠᠵᠤ᠂ ᠵᠢᠷᠦᠬᠡᠨ ᠤ 4 ᠴᠢᠰᠤ ᠳᠤᠲᠠᠬᠤ ᠠᠶᠤᠯ ᠲᠦᠭᠰᠢᠭᠦᠷᠢ ᠶᠢ ᠨᠡᠮᠡᠭᠳᠡᠭᠦᠯᠵᠦ | ᠴᠢᠳᠠᠨ᠎ᠠ︕ ᠡᠭᠦᠨ ᠠᠴᠠ ᠭᠠᠳᠠᠨ᠎ᠠ᠂ ᠬᠡᠲᠦᠷᠬᠡᠢ ᠬᠥᠯᠥᠰᠥ ᠭᠠᠷᠬᠤ ᠪᠣᠯᠤᠨ ᠶᠡᠭᠡ ᠲᠠᠷᠢᠬᠢᠨ ᠤ ᠴᠢᠰᠤ | ᠤᠷᠤᠰᠬᠤ ᠨᠢ ᠲᠣᠯᠣᠭᠠᠢ ᠡᠷᠭᠢᠬᠦ ᠪᠣᠯᠤᠨ ᠵᠢᠷᠦᠬᠡ ᠪᠠᠴᠢᠮᠳᠠᠬᠤ ᠵᠡᠷᠭᠡ ᠪᠠᠶᠢᠳᠠᠯ ᠭᠠᠷᠴᠤ ᠮᠡᠳᠡᠨ᠎ᠡ᠃ ᠡᠶᠢᠮᠦ ᠠᠴᠠ᠂ | ᠬᠥᠯ ᠢᠶᠠᠨ ᠳᠡᠪᠲᠦᠭᠡᠬᠦ ᠤᠰᠤᠨ ᠤ ᠳᠤᠯᠠᠭᠠᠨ 35 ~ 40 ᠭᠷᠠᠳᠦ᠋ᠰ ᠲᠤ ᠬᠦᠷᠬᠦ ᠶᠢ ᠰᠠᠨᠠᠭᠤᠯᠵᠤ᠂ ᠬᠥᠯ ᠢᠶᠠᠨ | ᠳᠡᠪᠲᠦᠭᠡᠬᠦ ᠴᠠᠭ ᠢ 15 ~ 30 ᠮᠢᠨᠦ᠋ᠲ᠂ ᠬᠡᠲᠦ ᠤᠷᠲᠤ ᠬᠤᠭᠤᠴᠠᠭ᠎ᠠ ᠪᠠᠷ ᠬᠥᠯ ᠢᠶᠠᠨ ᠳᠡᠪᠲᠦᠭᠡᠬᠦ ᠨᠢ ᠡᠪ | ᠦᠭᠡᠢ ᠪᠣᠯᠬᠤ ᠠᠴᠠ ᠵᠠᠶᠢᠯᠠᠰᠬᠢᠵᠤ ᠪᠠᠶᠢᠨ᠎ᠠ᠃ | ᠬᠢᠨᠠᠨ ᠬᠠᠷᠭᠤᠭᠤᠯᠬᠤ ᠮᠡᠷᠭᠡᠵᠢᠯᠲᠡᠨ᠄ ᠤᠯᠤᠰ ᠤᠨ ᠡᠷᠡᠭᠦᠯ ᠮᠡᠨᠳᠦ ᠶᠢᠨ ᠰᠢᠨᠵᠢᠯᠡᠬᠦ ᠤᠬᠠᠭᠠᠨ ᠢ | ᠲᠦᠭᠡᠮᠡᠯᠵᠢᠭᠦᠯᠬᠦ ᠲᠤᠰᠬᠠᠢ ᠮᠡᠷᠭᠡᠵᠢᠯᠲᠡᠨ ᠤ ᠬᠦᠮᠦᠷᠭᠡ ᠶᠢᠨ ᠪᠦᠷᠢᠯᠳᠦᠭᠦᠨ | ᠪᠡᠭᠡᠵᠢᠩ ᠤᠨ ᠬᠢᠲᠠᠳ ᠡᠮ ᠡᠮᠨᠡᠯᠭᠡ ᠶᠢᠨ ᠶᠡᠭᠡ ᠰᠤᠷᠭᠠᠭᠤᠯᠢ ᠶᠢᠨ ᠫᠷᠣᠹᠧᠰᠰᠣᠷ | ᠯᠦ ᠢ | ᠣᠯᠠᠨ ᠡᠷᠳᠡᠮᠲᠦ ᠡᠳᠡᠯᠭᠡ - ᠬᠥᠯ ᠢᠶᠠᠨ ᠳᠡᠪᠲᠦᠭᠡᠬᠦ ᠨᠢ ᠪᠣᠢ ᠬᠥᠮᠦᠨ ᠳᠤ ᠲᠣᠬᠢᠷᠠᠬᠤ ᠦᠭᠡᠢ | 1. ᠬᠡᠦᠬᠡᠳ᠄ ᠬᠡᠦᠬᠡᠳ ᠤᠨ ᠠᠷᠠᠰᠤ ᠨᠡᠯᠢᠶᠡᠳ ᠪᠤᠯᠪᠠᠷᠠᠢ ᠵᠥᠭᠡᠯᠡᠨ ᠪᠠᠶᠢᠵᠤ᠂ ᠤᠷᠲᠤ ᠬᠤᠭᠤᠴᠠᠭ᠎ᠠ ᠪᠠᠷ | ᠬᠥᠯ ᠢᠶᠠᠨ ᠳᠡᠪᠲᠦᠭᠡᠵᠦ ᠠᠷᠠᠰᠤᠨ ᠳᠤ ᠰᠡᠳᠦᠯᠲᠡ ᠥᠭᠴᠦ ᠮᠡᠳᠡᠬᠦ ᠪᠣᠯᠬᠤᠷ ᠡᠩ ᠤᠨ ᠪᠠᠶᠢᠳᠠᠯ ᠳᠤ ᠬᠡᠦᠬᠡᠳ ᠲᠤ | ᠤᠷᠲᠤ ᠬᠤᠭᠤᠴᠠᠭ᠎ᠠ ᠪᠠᠷ ᠬᠥᠯ ᠢᠶᠠᠨ ᠳᠡᠪᠲᠦᠭᠡᠬᠦ ᠶᠢ ᠰᠠᠨᠠᠭᠤᠯᠬᠤ ᠦᠭᠡᠢ᠃ | 2. ᠬᠦᠯ ᠤᠨ ᠬᠡᠰᠡᠭ ᠨᠢ ᠡᠪ ᠦᠭᠡᠢ ᠪᠠᠶᠢᠳᠠᠯ ᠭᠠᠷᠳᠠᠭ᠂ ᠬᠥᠯ ᠤᠨ ᠴᠥᠪᠥᠷᠢᠭᠦᠦ᠂ ᠦᠷᠪᠢᠰᠦᠯ᠂ ᠢᠳᠡᠭᠡ | ᠪᠤᠶᠤ ᠰᠢᠷᠬᠠᠯᠠᠭ᠎ᠠ ᠲᠠᠢ ᠬᠦᠮᠦᠰ ᠠᠴᠠ ᠬᠥᠯ ᠢᠶᠠᠨ ᠳᠡᠪᠲᠦᠭᠡᠬᠦ ᠪᠤᠶᠤ ᠰᠢᠷᠬᠠᠯᠠᠭ᠎ᠠ ᠲᠠᠢ ᠪᠣᠯᠭᠠᠵᠤ ᠮᠡᠳᠡᠬᠦ ᠪᠣᠯᠬᠤᠷ | ᠡᠶᠢᠮᠦᠷᠬᠡᠦ ᠬᠦᠮᠦᠨ ᠤ ᠬᠥᠯ ᠢ ᠳᠡᠪᠲᠦᠭᠡᠬᠦ ᠶᠢ ᠰᠠᠨᠠᠭᠤᠯᠬᠤ ᠦᠭᠡᠢ᠃ | 3. ᠳᠣᠣᠷᠠᠳᠤ ᠮᠥᠴᠢ ᠶᠢᠨ ᠨᠠᠮᠵᠢᠭᠤᠨ ᠰᠤᠳᠠᠯ ᠭᠦᠷᠪᠠᠶᠢᠬᠦ ᠡᠪᠡᠳᠴᠢᠲᠡᠨ᠄ ᠤᠷᠲᠤ ᠬᠤᠭᠤᠴᠠᠭ᠎ᠠ ᠪᠠᠷ | ᠬᠠᠯᠠᠭᠤᠨ ᠤᠰᠤ ᠪᠠᠷ ᠬᠥᠯ ᠢᠶᠠᠨ ᠳᠡᠪᠲᠦᠭᠡᠪᠡᠯ ᠨᠠᠮᠵᠢᠭᠤᠨ ᠰᠤᠳᠠᠯ ᠭᠦᠷᠪᠠᠶᠢᠬᠦ ᠢᠯᠡᠷᠡᠯ ᠢ ᠬᠦᠨᠳᠦᠷᠡᠭᠦᠯᠦᠨ᠎ᠡ᠃ | ᠡᠭᠦᠨ ᠠᠴᠠ ᠭᠠᠳᠠᠨ᠎ᠠ᠂ ᠨᠠᠮᠵᠢᠭᠤᠨ ᠰᠤᠳᠠᠯ ᠭᠦᠷᠪᠠᠶᠢᠬᠦ ᠨᠢ ᠡᠪᠡᠳᠴᠢᠯᠡᠭᠰᠡᠨ ᠲᠠᠯ᠎ᠠ ᠶᠢᠨ ᠳᠣᠣᠷ᠎ᠠ ᠮᠥᠴᠢ ᠶᠢᠨ | ᠰᠡᠷᠡᠯ ᠤᠨ ᠴᠢᠳᠠᠪᠤᠷᠢ ᠶᠢ ᠮᠠᠭᠤᠳᠠᠭᠤᠯᠵᠤ᠂ ᠬᠥᠯ ᠢᠶᠠᠨ ᠳᠡᠪᠲᠦᠭᠡᠬᠦ ᠦᠶ᠎ᠡ ᠳᠤ ᠠᠮᠠᠷᠬᠠᠨ ᠠᠷᠠᠰᠤ ᠶᠢ ᠭᠡᠮᠲᠦᠭᠡᠵᠦ᠂ | ᠴᠢᠨᠠᠭᠰᠢᠯᠠᠪᠠᠯ ᠬᠡᠰᠡᠭ ᠰᠢᠷᠬᠠᠯᠠᠭ᠎ᠠ ᠡᠭᠦᠰᠭᠡᠳᠡᠭ᠃ | 4. ᠳᠣᠣᠷᠠᠳᠤ ᠮᠥᠴᠢ ᠶᠢᠨ ᠯᠤᠭᠰᠢᠭᠤᠨ ᠰᠤᠳᠠᠯ ᠬᠠᠲᠠᠭᠤᠷᠠᠭᠰᠠᠨ ᠪᠤᠶᠤ ᠪᠥᠭᠯᠡᠷᠡᠭᠰᠡᠨ ᠡᠪᠡᠳᠴᠢᠲᠡᠨ᠄ | ᠬᠡᠳᠦ ᠥᠨᠳᠥᠷ ᠤᠰᠤᠨ ᠤ ᠳᠤᠯᠠᠭᠠᠨ ᠨᠢ ᠨᠡᠬᠡᠳᠡᠰᠦ ᠶᠢᠨ ᠬᠦᠴᠢᠯᠲᠥ᠋ᠷᠥᠭᠴᠢ ᠵᠠᠷᠤᠴᠠᠭᠤᠯᠬᠤ ᠬᠡᠮᠵᠢᠶ᠎ᠡ ᠶᠢ | ᠨᠡᠮᠡᠭᠳᠡᠭᠦᠯᠵᠦ᠂ ᠴᠢᠰᠤᠨ ᠰᠤᠳᠠᠯ ᠤᠨ ᠪᠥᠭᠯᠡᠷᠡᠭᠰᠡᠨ ᠬᠡᠰᠡᠭ ᠤᠨ ᠨᠡᠬᠡᠳᠡᠰᠦ ᠶᠢᠨ ᠴᠢᠰᠤ ᠳᠤᠲᠠᠬᠤ ᠶᠢ | ᠬᠦᠨᠳᠦᠷᠡᠭᠦᠯᠦᠨ᠎ᠡ᠂ ᠡᠪᠡᠳᠴᠢᠨ ᠬᠦᠨᠳᠦᠷᠡᠭᠦᠯᠦᠨ᠎ᠡ᠂ ᠡᠶᠢᠮᠦ ᠠᠴᠠ ᠬᠡᠳᠦ ᠬᠠᠯᠠᠭᠤᠨ ᠤᠰᠤ ᠪᠠᠷ ᠬᠥᠯ ᠢᠶᠠᠨ | ᠳᠡᠪᠲᠦᠭᠡᠬᠦ ᠶᠢ ᠰᠠᠨᠠᠭᠤᠯᠬᠤ ᠦᠭᠡᠢ᠃ | 5. ᠰᠢᠬᠢᠷ ᠰᠢᠵᠢᠩ ᠡᠪᠡᠳᠴᠢᠲᠡᠨ᠄ ᠰᠢᠬᠢᠷ ᠰᠢᠵᠢᠩ ᠡᠪᠡᠳᠴᠢᠲᠡᠨ ᠦᠵᠦᠭᠦᠷ ᠮᠡᠳᠡᠷᠡᠯ ᠤᠨ ᠰᠡᠷᠡᠯ | ᠳᠣᠷᠦ᠋ᠢᠲᠠᠵᠤ᠂ ᠤᠰᠤᠨ ᠤ ᠳᠤᠯᠠᠭᠠᠨ ᠢ ᠣᠨᠣᠪᠴᠢᠲᠠᠢ ᠰᠡᠷᠡᠵᠦ ᠮᠡᠳᠡᠬᠦ ᠶᠢᠨ ᠠᠷᠭ᠎ᠠ ᠦᠭᠡᠢ᠂ ᠡᠨᠡ ᠨᠢ | ᠬᠠᠯᠠᠭᠠᠭᠳᠠᠭᠰᠠᠨ ᠰᠢᠷᠬ᠎ᠠ ᠶᠢᠨ ᠲᠦᠭᠰᠢᠭᠦᠷᠢ ᠶᠢ ᠨᠡᠮᠡᠭᠳᠡᠭᠦᠯᠦᠨ᠎ᠡ᠂ ᠡᠶᠢᠮᠦ ᠠᠴᠠ ᠡᠨᠡ ᠲᠥᠷᠥᠯ ᠤᠨ ᠡᠪᠡᠳᠴᠢᠲᠡᠨ | ᠬᠥᠯ ᠢᠶᠠᠨ ᠳᠡᠪᠲᠦᠭᠡᠬᠦ ᠶᠢ ᠰᠠᠨᠠᠭᠠᠴᠢᠯᠠᠬᠤ ᠦᠭᠡᠢ᠃ | ᠶᠡᠷᠦᠩᠬᠡᠶᠢᠯᠡᠪᠡᠯ᠂ ᠬᠥᠯ ᠳᠡᠪᠲᠦᠭᠡᠬᠦ ᠠᠴᠠ ᠡᠮᠦᠨ᠎ᠡ ᠬᠤᠪᠢ ᠬᠥᠮᠦᠨ ᠤ ᠡᠷᠡᠭᠦᠯ ᠮᠡᠨᠳᠦ ᠶᠢᠨ ᠪᠠᠶᠢᠳᠠᠯ ᠢ | ᠪᠣᠳᠣᠯᠬᠢᠯᠠᠬᠤ ᠬᠡᠷᠡᠭᠲᠡᠶ᠂ ᠢᠯᠠᠩᠭᠤᠶ᠎ᠠ ᠳᠡᠭᠡᠷ᠎ᠡ ᠳᠤᠷᠠᠳᠤᠭᠰᠠᠨ ᠬᠥᠮᠦᠰ ᠬᠥᠯ ᠳᠡᠪᠲᠦᠭᠡᠬᠦ ᠠᠴᠠ ᠵᠠᠶᠢᠯᠠᠰᠬᠢᠬᠦ ᠪᠤᠶᠤ | ᠡᠮᠴᠢ ᠶᠢᠨ ᠵᠢᠯᠣᠭᠤᠳᠣᠯᠭ᠎ᠠ ᠳᠤᠤᠷ᠎ᠠ ᠬᠥᠯ ᠳᠡᠪᠲᠦᠭᠡᠬᠦ ᠬᠡᠷᠡᠭᠲᠡᠶ᠃ | | ᠢᠷᠡᠯᠲᠡ᠄ ᠡᠷᠡᠭᠦᠯ ᠴᠢᠬᠢᠷᠠᠭ ᠳᠤᠮᠳᠠᠳᠤ ᠤᠯᠤᠰ | ᠤᠷᠴᠢᠭᠤᠯᠤᠭᠴᠢ᠄ ᠮᠥᠩᠭᠦᠨᠰᠤᠶᠢᠬᠡ | ᠬᠢᠨᠠᠨ ᠬᠠᠷᠭᠤᠭᠤᠯᠤᠭᠴᠢ᠄ ᠮᠥᠩᠭᠦᠨᠰᠤᠶᠢᠬᠡ |