ᠰᠢᠩ ᠾᠧ ᠰᠢᠶᠠᠨ᠄ ᠡᠬᠡ ᠤᠯᠤᠰ ᠤᠨ ᠤᠮᠠᠷᠠᠲᠤ ᠬᠢᠯᠢ ᠶᠢᠨ ᠠᠮᠢ ᠠᠬᠤᠶ ᠶᠢᠨ ᠠᠮᠤᠷ ᠲᠦᠪᠰᠢᠨ ᠤ ᠬᠠᠯᠬᠠᠪᠴᠢ ᠶᠢ ᠴᠢᠷᠮᠠᠶᠢᠨ ᠪᠥᠲᠥᠭᠡᠨ ᠪᠠᠶᠢᠭᠤᠯᠤᠨ᠎ᠠ
ᠨᠡᠶᠢᠲᠡᠯᠡᠭᠰᠡᠨ ᠴᠠᠭ᠄
2023/9/13
      ᠰᠢᠩ ᠾᠧ ᠰᠢᠶᠠᠨ ︽ᠲᠠᠪᠤᠨ ᠶᠡᠭᠡ ᠡᠭᠦᠷᠭᠡ︾ ᠶᠢ ᠴᠢᠷᠮᠠᠶᠢᠨ ᠦᠢᠯᠡᠳᠦᠯᠭᠡᠵᠢᠭᠦᠯᠵᠦ᠂ ᠠᠮᠢ ᠠᠬᠤᠢ ᠶᠢ ᠲᠡᠷᠢᠭᠦᠨ ᠳᠤ ᠲᠠᠯᠪᠢᠬᠤ᠂ ᠪᠣᠬᠢᠷᠲᠤᠯ ᠦᠭᠡᠢ ᠬᠥᠭᠵᠢᠯᠲᠡ ᠶᠢᠨ ᠤᠢᠢᠯᠠᠭᠠᠭᠳᠠᠬᠤᠨ ᠢ ᠪᠠᠲᠤ ᠪᠤᠢ ᠪᠣᠯᠭᠠᠵᠤ᠂ ᠪᠣᠬᠢᠷᠲᠤᠯ ᠦᠭᠡᠢ ᠠᠮᠢ ᠠᠬᠤᠢ ᠶᠢᠨ ᠬᠥᠭᠵᠢᠯᠲᠡ ᠶᠢᠨ ᠪᠠᠶᠢᠯᠳᠤᠬᠤ ᠪᠤᠳᠤᠯᠭ᠎ᠠ ᠶᠢ ᠭᠦᠨᠵᠡᠭᠡᠢ ᠬᠡᠷᠡᠭᠵᠢᠭᠦᠯᠵᠦ᠂ ᠠᠮᠢ ᠠᠬᠤᠢ ᠶᠢᠨ ᠣᠷᠴᠢᠨ ᠲᠣᠭᠤᠷᠢᠨ ᠤ ᠬᠠᠮᠠᠭᠠᠯᠠᠯᠲᠠ ᠶᠢ ᠲᠠᠰᠤᠷᠠᠯᠳᠡ ᠦᠭᠡᠢ ᠴᠢᠩᠭᠠᠳᠬᠠᠵᠤ᠂ ᠡᠬᠡ ᠤᠯᠤᠰ ᠤᠨ ᠤᠮᠠᠷᠠᠲᠤ ᠶᠢᠨ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ ᠪᠦᠳᠦᠭᠡᠨ ᠪᠠᠶᠢᠭᠤᠯᠤᠨ᠎ᠠ᠃      ᠰᠢᠩ ᠡᡁᠧ ᠰᠢᠶᠠᠨ ᠨᠢ ᠤᠯᠤᠰ ᠤᠨ ᠠᠮᠢ ᠠᠬᠤᠢ ᠶᠢᠨ ᠣᠷᠴᠢᠨ ᠲᠣᠭᠤᠷᠢᠨ ᠤ ᠪᠦᠳᠦᠬᠡᠨ ᠪᠠᠶᠢᠭᠤᠯᠤᠯᠲᠠ ᠶᠢᠨ ᠭᠤᠣᠯᠳᠠᠯᠭ᠎ᠠ ᠲᠠᠢ ᠬᠤᠰᠢᠭᠤ ᠰᠢᠶᠠᠨ ᠪᠣᠯᠤᠭᠰᠠᠨ ᠤ ᠬᠤᠪᠢ ᠳᠤ᠂ ︽ᠬᠥᠬᠡᠮᠳᠦᠭ ᠨᠣᠭᠤᠭᠠᠨ ᠠᠭᠤᠯᠠ ᠤᠰᠤ ᠪᠣᠯ ᠠᠯᠳᠠ ᠮᠥᠩᠭᠦᠨ ᠠᠭᠤᠯᠠ︾ ᠭᠡᠬᠦ ᠬᠥᠭᠵᠢᠯᠲᠡ ᠶᠢᠨ ᠤᠢᠢᠯᠠᠭᠠᠭᠳᠠᠬᠤᠨ ᠢ ᠢᠮᠠᠭᠲᠠ ᠪᠠᠷᠢᠮᠲᠠᠯᠠᠵᠤ᠂ ᠠᠮᠢ ᠠᠬᠤᠢ ᠶᠢᠨ ᠪᠦᠳᠦᠬᠡᠨ ᠪᠠᠶᠢᠭᠤᠯᠤᠯᠲᠠ ᠪᠣᠯᠤᠨ ᠬᠠᠮᠠᠭᠠᠯᠠᠯᠲᠠ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠪᠡᠭᠡᠵᠢᠩ ᠲᠢᠶᠠᠨᠵᠢᠨ ᠤ ᠰᠠᠯᠬᠢ ᠡᠯᠡᠰᠦᠨ ᠤ ᠡᠬᠢ ᠶᠢ ᠵᠠᠰᠠᠬᠤ᠂ ᠭᠤᠷᠪᠠᠨ ᠤᠮᠠᠷᠠᠲᠤ ᠶᠢᠨ ᠬᠠᠯᠬᠠᠪᠴᠢ ᠤᠢ ᠶᠢᠨ ᠪᠦᠳᠦᠬᠡᠨ ᠪᠠᠶᠢᠭᠤᠯᠤᠯᠲᠠ᠂ ᠲᠠᠷᠢᠶᠠᠯᠠᠬᠤ ᠶᠢ ᠵᠣᠭᠰᠣᠭᠠᠵᠤ ᠤᠢ ᠰᠢᠭᠤᠢ ᠶᠢ ᠰᠡᠷᠭᠦᠭᠡᠬᠦ᠂ ᠮᠠᠯᠵᠢᠬᠤ ᠶᠢ ᠵᠣᠭᠰᠣᠭᠠᠵᠤ ᠡᠪᠡᠰᠦ ᠪᠡᠯᠴᠢᠭᠡᠷ ᠢ ᠰᠡᠷᠭᠦᠭᠡᠬᠦ ᠵᠡᠷᠭᠡ ᠤᠯᠤᠰ ᠤᠨ ᠭᠤᠣᠯᠳᠠᠯᠭ᠎ᠠ ᠲᠠᠢ ᠠᠮᠢ ᠠᠬᠤᠢ ᠶᠢᠨ ᠢᠨᠵᠧᠨᠧᠷᠢᠩ ᠢ ᠬᠡᠷᠡᠭᠵᠢᠭᠦᠯᠬᠦ ᠶᠢ ᠲᠠᠭᠠᠯᠳᠤᠨ᠂ ᠰᠢᠩ ᠡᡁᠧ ᠰᠢᠶᠠᠨ ᠤ ᠠᠮᠢ ᠠᠬᠤᠢ ᠶᠢᠨ ᠬᠠᠯᠬᠠᠪᠴᠢ ᠶᠢ ᠨᠡᠩ ᠪᠠᠲᠤ ᠪᠠᠬᠢ ᠪᠣᠯᠭᠠᠵᠠᠢ᠃       ᠨᠤᠲᠤᠭ ᠪᠡᠯᠴᠢᠭᠡᠷ ᠪᠠ ᠣᠶ ᠰᠢᠭᠤᠶ ᠪᠣᠯ ᠴᠢᠬᠤᠯᠠ ᠠᠮᠢ ᠠᠬᠤᠶ ᠶᠢᠨ ᠰᠢᠰᠲ᠋ᠧᠮ ᠪᠠ ᠪᠠᠶᠢᠭᠠᠯᠢ ᠶᠢᠨ ᠡᠬᠢ ᠪᠠᠶᠠᠯᠢᠭ ᠮᠥᠨ᠂ ᠠᠮᠢ ᠠᠬᠤᠶ ᠶᠢᠨ ᠠᠮᠤᠷ ᠲᠦᠪᠰᠢᠨ ᠢ ᠬᠠᠮᠠᠭᠠᠯᠠᠬᠤ᠂ ᠠᠵᠤ ᠠᠬᠤᠶ ᠶᠢᠨ ᠴᠢᠨᠠᠷ ᠰᠠᠶᠢᠲᠠᠶ ᠬᠥᠭᠵᠢᠯᠲᠡ ᠶᠢ ᠪᠠᠲᠤᠯᠠᠬᠤ ᠰᠠᠭᠤᠷᠢ ᠮᠥᠨ᠃ ᠰᠢᠩ ᠾᠧ ᠰᠢᠶᠠᠨ ᠣᠶᠢᠵᠢᠭᠤᠯᠤᠯᠲᠠ ᠶᠢᠨ ᠲᠦᠷᠢᠮ ᠢᠶᠠᠨ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ ᠭᠠᠵᠠᠷ ᠣᠷᠣᠨ ᠤ ᠪᠠᠶᠢᠳᠠᠯ ᠳᠠᠭᠠᠨ ᠳᠣᠭᠢᠷᠠᠭᠤᠯᠤᠨ᠂ ᠦᠳᠲᠡᠷ ᠲᠦᠷᠭᠡᠨ ᠨᠠᠶᠢᠳᠠᠪᠤᠷᠢᠵᠢᠭᠤᠯᠪᠠ᠂ ᠡᠨᠡ ᠵᠢᠯ ᠰᠢᠩ ᠾᠧ ᠰᠢᠶᠠᠨ ᠨᠢᠭᠡᠨᠲᠡ 3 ᠲᠦᠮᠡᠨ ᠮᠥ ᠲᠠᠴᠢᠷᠳᠠᠭᠰᠠᠨ ᠣᠶ ᠶᠢ ᠵᠠᠰᠠᠨ ᠰᠡᠷᠭᠦᠭᠡᠵᠦ᠂ 1 - 1 . 5 M ᠶᠢᠨ ᠬᠠᠶᠢᠯᠠᠷ ᠨᠠᠷᠠᠰᠤ ᠶᠢ 3 ᠲᠦᠮᠡᠨ ᠮᠥ ᠣᠶᠢᠵᠢᠭᠤᠯᠵᠤ᠂ ᠨᠤᠲᠤᠭ ᠪᠡᠯᠴᠢᠭᠡᠷ ᠢ ᠰᠠᠶᠢᠵᠢᠷᠠᠭᠤᠯᠬᠤ ᠲᠥᠷᠥᠯ ᠵᠦᠢᠯ ᠢ 1 ᠲᠦᠮᠡᠨ ᠮᠥ ᠨᠠᠶᠢᠳᠠᠪᠤᠷᠢᠵᠢᠭᠤᠯᠪᠠ᠃ 2 . 2 ᠲᠦᠮᠡᠨ ᠮᠥ ᠣᠶᠢᠵᠢᠭᠤᠯᠬᠤ ᠠᠵᠢᠯ ᠤᠨ ᠲᠥᠯᠥᠪᠯᠡᠭᠡ ᠶᠢ ᠪᠡᠶᠡᠯᠡᠭᠦᠯᠵᠦ᠂ ᠡᠭᠦᠨ ᠳᠤ 2 ᠲᠦᠮᠡᠨ ᠮᠥ ᠨᠥᠬᠦᠵᠦ ᠳᠠᠷᠢᠵᠤ ᠣᠶᠢᠵᠢᠭᠤᠯᠤᠨ᠂ 0 . 2 ᠲᠦᠮᠡᠨ ᠮᠥ ᠰᠢᠨ᠎ᠡ ᠪᠠᠷ ᠣᠶᠢᠵᠢᠭᠤᠯᠵᠤ᠂ 4 . 5 ᠲᠦᠮᠡᠨ ᠮᠥ ᠭᠤᠤᠷᠰᠤ ᠲᠡᠭᠰᠢᠯᠡᠪᠡ᠃      ᠣᠶᠢᠵᠢᠭᠤᠯᠬᠤ ᠳᠦᠷᠢᠮ ᠢ ᠲᠡᠭᠦᠯᠳᠡᠷᠵᠢᠭᠦᠯᠬᠦ ᠶᠢᠨ ᠬᠠᠮᠲᠤ᠂ ᠰᠢᠩ ᠡᡁᠧ ᠰᠢᠶᠠᠨ ᠪᠠᠰᠠ ᠪᠠᠶᠢᠭᠠᠯᠢ ᠶᠢᠨ ᠬᠠᠮᠠᠭᠠᠯᠠᠯᠲᠠ ᠶᠢᠨ ᠭᠠᠵᠠᠷ ᠤᠨ ᠬᠠᠮᠠᠭᠠᠯᠠᠯᠲᠠ ᠶᠢᠨ ᠠᠵᠢᠯ ᠢ ᠴᠢᠩᠭᠠᠳᠬᠠᠵᠤ᠂ ᠥᠪᠡᠷᠲᠡᠭᠡᠨ ᠵᠠᠰᠠᠬᠤ ᠣᠷᠣᠨ ᠤ ᠪᠠᠶᠢᠭᠠᠯᠢ ᠶᠢᠨ ᠬᠠᠮᠠᠭᠠᠯᠠᠯᠲᠠ ᠶᠢᠨ ᠭᠠᠵᠠᠷ ᠢ ᠨᠡᠶᠢᠳᠬᠡᠨ ᠰᠢᠯᠢᠳᠡᠭᠵᠢᠭᠦᠯᠬᠦ ᠬᠠᠮᠢᠶ᠎ᠠ ᠪᠦᠬᠦᠢ ᠲᠦᠷᠦ ᠶᠢᠨ ᠪᠤᠳᠤᠯᠭ᠎ᠠ ᠶᠢᠨ ᠱᠠᠭᠠᠷᠳᠠᠯᠭ᠎ᠠ ᠶᠣᠰᠣᠭᠠᠷ᠂ ᠰᠢᠩ ᠡᡁᠧ ᠰᠢᠶᠠᠨ ᠲᠤᠰ ᠲᠤᠰ ᠰᠤᠮᠤᠨ ᠠᠭᠤᠯᠠ ᠶᠢᠨ ᠥᠪᠡᠷᠲᠡᠭᠡᠨ ᠵᠠᠰᠠᠬᠤ ᠣᠷᠣᠨ ᠤ ᠳᠡᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ᠂ ᠰᠤᠮᠤᠨ ᠠᠭᠤᠯᠠ ᠶᠢᠨ ᠥᠪᠡᠷᠲᠡᠭᠡᠨ ᠵᠠᠰᠠᠬᠤ ᠣᠷᠣᠨ ᠤ ᠳᠡᠰ ᠤᠨ ᠤᠢ ᠰᠢᠭᠤᠢ ᠶᠢᠨ ᠴᠡᠴᠡᠷᠯᠢᠭ ᠪᠣᠯᠤᠨ ᠥᠪᠥᠷ ᠮᠣᠩᠭᠤᠯ ᠤᠨ ᠰᠢᠩ ᠡᡁᠧ ᠰᠢᠶᠠᠨ ᠤ  ᠴᠠᠷ ᠨᠠᠭᠤᠷ ᠤᠨ ᠤᠯᠤᠰ ᠤᠨ ᠨᠤᠭᠤ ᠭᠠᠵᠠᠷ ᠤᠨ ᠴᠡᠴᠡᠷᠯᠢᠭ ᠵᠡᠷᠭᠡ ᠪᠠᠶᠢᠭᠠᠯᠢ ᠶᠢᠨ ᠬᠠᠮᠠᠭᠠᠯᠠᠯᠲᠠ ᠶᠢᠨ ᠭᠠᠵᠠᠷ ᠲᠤ ᠠᠵᠢᠯ ᠢᠶᠠᠨ ᠥᠷᠨᠢᠭᠦᠯᠵᠡᠢ᠃      ᠡᠭᠦᠨ ᠠᠴᠠ ᠭᠠᠳᠠᠨ᠎ᠠ᠂ ᠰᠢᠩ ᠡᡁᠧ ᠰᠢᠶᠠᠨ ᠤ ᠬᠢᠨ ᠰᠢᠨᠵᠢᠯᠡᠬᠦ ᠤᠬᠠᠭᠠᠨᠴᠢ ᠪᠠᠷ ᠤᠰᠤᠯᠠᠬᠤ ᠲᠦᠪᠰᠢᠨ ᠢᠶᠠᠨ ᠦᠷᠭᠦᠯᠵᠢᠯᠡᠨ ᠳᠡᠭᠡᠭᠰᠢᠯᠡᠭᠦᠯᠵᠦ᠂ ᠭᠠᠵᠠᠷ ᠳᠣᠣᠷᠠᠬᠢ ᠤᠰᠤ ᠶᠢ ᠬᠠᠮᠢᠶᠠᠷᠴᠤ ᠬᠠᠮᠠᠭᠠᠯᠠᠬᠤ ᠲᠦᠷᠪᠡᠨ ᠱᠠᠲᠤᠨ ᠤ ᠰᠢᠰᠲᠧᠮ ᠤᠨ ᠡᠭᠦᠷᠭᠡ ᠬᠠᠷᠢᠭᠤᠴᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠤᠰᠤ ᠬᠡᠷᠡᠭᠯᠡᠬᠦ ᠶᠡᠷᠦᠩᠬᠡᠢ ᠬᠡᠮᠵᠢᠶ᠎ᠡ ᠶᠢ ᠬᠢᠵᠠᠭᠠᠷᠯᠠᠬᠤ ᠪᠠ ᠲᠣᠭᠲᠠᠭᠰᠠᠨ ᠨᠤᠷᠮ᠎ᠠ ᠪᠠᠷ ᠬᠠᠮᠢᠶᠠᠷᠴᠤ᠂ ᠰᠢᠶᠠᠨ᠂ ᠰᠢᠶᠠᠩ᠂ ᠲᠣᠰᠬᠤᠨ ᠂ ᠬᠤᠳᠳᠤᠭ ᠤᠨ ᠬᠠᠮᠢᠶᠠᠷᠤᠯᠲᠠ ᠶᠢᠨ ᠠᠵᠢᠯᠳᠠᠨ ᠲᠦᠷᠪᠡᠨ ᠱᠠᠲᠤᠨ ᠤ ᠤᠰᠤ ᠬᠡᠷᠡᠭᠯᠡᠬᠦ ᠶᠢ ᠬᠢᠨᠠᠨ ᠬᠠᠮᠢᠶᠠᠷᠬᠤ ᠰᠢᠰᠲᠧᠮ ᠢ ᠵᠣᠬᠢᠶᠠᠨ ᠪᠠᠶᠢᠭᠤᠯᠤᠨ ᠪᠠᠶᠢᠭᠤᠯᠵᠤ᠂ 2023 ᠣᠨ ᠳᠤ ᠪᠦᠬᠦ ᠰᠢᠶᠠᠨ ᠤ ᠬᠢᠨ ᠭᠠᠩ ᠬᠠᠭᠰᠠᠷᠠᠭᠠᠨ ᠲᠠᠢ ᠲᠡᠮᠡᠴᠡᠬᠦ ᠲᠦᠷᠦᠯ ᠵᠦᠢᠯ ᠤᠨ ᠵᠢᠱᠢᠶ᠎ᠡ ᠦᠵᠡᠭᠦᠯᠦᠨ ᠲᠠᠷᠢᠬᠤ ᠲᠠᠯᠠᠪᠠᠢ ᠶᠢ 12 ᠲᠦᠮᠡᠨ ᠮᠦ᠂ ᠪᠦᠷᠬᠦᠪᠴᠢ ᠶᠢᠨ ᠳᠣᠣᠷ᠎ᠠ ᠳᠤᠰᠤᠯᠭᠠᠨ ᠤᠰᠤᠯᠠᠬᠤ ᠲᠠᠷᠢᠬᠤ ᠲᠠᠯᠠᠪᠠᠢ ᠶᠢ 25 ᠲᠦᠮᠡᠨ ᠮᠦ ᠳᠤ ᠬᠦᠷᠭᠡᠵᠡᠢ᠃                                   ᠢᠷᠡᠯᠲᠡ᠄  ᠠᠮᠢᠵᠢᠷᠠᠯ ᠤᠨ ᠬᠦᠴᠦᠨ ᠲᠠᠢ ᠰᠢᠩ ᠾᠧ                               ᠵᠤᠬᠢᠶᠠᠭᠴᠢ᠄ ᠰᠢᠩ ᠾᠧ ᠰᠢᠶᠠᠨ ᠤ ᠵᠠᠰᠠᠭ ᠤᠨ ᠤᠷᠳᠤᠨ                               ᠤᠷᠴᠢᠭᠤᠯᠤᠭᠴᠢ᠄ ᠮᠥᠩᠭᠦᠨᠰᠤᠶᠢᠬᠡ                               ᠬᠢᠨᠠᠨ ᠬᠠᠷᠭᠤᠭᠤᠯᠤᠭᠴᠢ᠄ ᠮᠥᠩᠭᠦᠨᠰᠤᠶᠢᠬᠡ
 
ᠢᠷᠡᠯᠲᠡ᠄ ᠰᠢᠩ ᠾᠧ ᠰᠢᠶᠠᠨ ᠤ ᠵᠠᠰᠠᠭ ᠤᠨ ᠣᠷᠳᠣᠨ ᠤ ᠬᠢᠲᠠᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3