ᠤᠰᠤ ᠤᠤᠭᠤᠬᠤ ᠨᠢ ᠪᠡᠶ᠎ᠡ ᠳᠤ ᠰᠠᠶᠢᠨ᠂ ᠭᠡᠪᠡᠴᠦ ᠬᠡᠲᠦᠷᠡᠲᠡᠯ᠎ᠡ ᠤᠤᠭᠤᠭᠰᠠᠨ ᠴᠤ ᠪᠣᠯᠬᠤ ᠦᠭᠡᠢ
ᠨᠡᠶᠢᠲᠡᠯᠡᠭᠰᠡᠨ ᠴᠠᠭ᠄
2023/6/27
   1. ᠬᠥᠮᠦᠨ ᠪᠣᠯᠭᠠᠨ ᠪᠦᠷ ᠲᠣᠬᠢᠷᠠᠮᠵᠢᠲᠠᠢ ᠤᠤᠭᠤᠬᠤ ᠤᠰᠤᠨ ᠤ ᠬᠡᠮᠵᠢᠶ᠎ᠡ ᠲᠠᠢ    ᠶᠠᠮᠠᠷ ᠴᠤ ᠶᠠᠪᠤᠳᠠᠯ ᠳᠤ ᠴᠥᠮ ᠲᠣᠬᠢᠷᠠᠮᠵᠢᠲᠠᠶ ᠪᠠᠶᠢᠬᠤ ᠬᠡᠷᠡᠭᠲᠡᠶ᠂ ᠤᠰᠤ ᠤᠤᠭᠤᠬᠤ ᠳᠠᠭᠠᠨ ᠴᠤ ᠡᠶᠢᠮᠦ ᠪᠠᠶᠢᠬᠤ ᠬᠡᠷᠡᠭᠲᠡᠶ᠃ ᠪᠢᠳᠡ ᠤᠰᠤ ᠠᠷᠪᠢᠨ ᠤᠤᠭᠤᠬᠤ ᠶᠢ ᠡᠷᠬᠢᠮᠯᠡᠨ᠎ᠡ᠂ ᠭᠡᠪᠡᠴᠦ ᠬᠡᠮᠵᠢᠶ᠎ᠡ ᠬᠢᠵᠠᠭᠠᠷ ᠦᠭᠡᠢ ᠪᠠᠷ ᠤᠰᠤ ᠤᠤᠭᠤᠬᠤ ᠪᠢᠰᠢ᠃    ᠡᠳᠦᠷ ᠲᠤᠲᠤᠮ ᠤᠨ ᠤᠤᠭᠤᠬᠤ ᠤᠰᠤᠨ ᠤ ᠬᠡᠮᠵᠢᠶ᠎ᠡ ᠶᠢ ᠨᠠᠰᠤ ᠵᠢᠯ᠂ ᠠᠭᠠᠷ ᠤᠨ ᠳᠤᠯᠠᠭᠠᠨ᠂ ᠬᠥᠳᠡᠯᠮᠦᠷᠢ ᠪᠤᠶᠤ ᠬᠥᠳᠡᠯᠭᠡᠭᠡᠨ᠂ ᠬᠥᠯᠥᠰᠥ ᠭᠠᠷᠬᠤ ᠬᠡᠮᠵᠢᠶ᠎ᠡ ᠵᠡᠷᠭᠡ ᠶᠢ ᠦᠨᠳᠦᠰᠦᠯᠡᠨ ᠵᠣᠬᠢᠬᠤ ᠬᠡᠮᠵᠢᠶ᠎ᠡ ᠪᠠᠷ ᠨᠡᠮᠡᠵᠦ ᠬᠠᠰᠤᠨ᠎ᠠ᠃ ᠠᠳᠠᠯᠢ ᠪᠤᠰᠤ ᠨᠠᠰᠤᠨ ᠤ ᠦᠶ᠎ᠡ ᠶᠢᠨ ᠤᠤᠭᠤᠬᠤ ᠤᠰᠤᠨ ᠤ ᠬᠡᠮᠵᠢᠶ᠎ᠡ ᠨᠢ ᠴᠦ ᠠᠳᠠᠯᠢ ᠦᠭᠡᠢ ᠪᠠᠶᠢᠳᠠᠭ᠃ ︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠵᠢᠭᠠᠯᠲᠠ ︵2022︶︾ ᠳᠤ ᠰᠠᠨᠠᠭᠤᠯᠤᠭᠰᠠᠨ ᠨᠢ᠂ ᠳᠤᠯᠠᠭᠠᠨ ᠠᠭᠤᠷ ᠠᠮᠢᠰᠬᠤᠯ ᠤᠨ ᠨᠥᠬᠦᠴᠡᠯ ᠳᠣᠤᠷ᠎ᠠ᠂ ᠪᠡᠶ᠎ᠡ ᠶᠢᠨ ᠬᠥᠳᠡᠯᠭᠡᠭᠡᠨ ᠤ ᠬᠢᠷᠢ ᠲᠦᠪᠰᠢᠨ ᠳᠣᠤᠷ᠎ᠠ ᠨᠠᠰᠤᠨ ᠳᠤ ᠭᠦᠷᠦᠭᠰᠡᠨ ᠡᠷᠡᠭᠲᠡᠶᠢᠴᠦᠳ ᠤᠨ ᠡᠳᠦᠷ ᠪᠦᠷᠢ ᠶᠢᠨ ᠬᠡᠷᠡᠭᠯᠡᠬᠦ ᠤᠰᠤᠨ ᠤ ᠬᠡᠮᠵᠢᠶ᠎ᠡ ᠶᠢ 1700 ᠮᠢᠯᠢᠯᠢᠲᠷ ᠪᠠᠶᠢᠯᠭᠠᠨ᠎ᠠ︔ ᠡᠮᠡᠭᠲᠡᠶ ᠬᠥᠮᠦᠨ ᠤ ᠡᠳᠦᠷ ᠪᠦᠷᠢ ᠶᠢᠨ ᠬᠡᠷᠡᠭᠯᠡᠬᠦ ᠤᠰᠤᠨ ᠤ ᠬᠡᠮᠵᠢᠶ᠎ᠡ ᠨᠢ 1500 ᠮᠢᠯᠢᠯᠢᠳ᠋ᠷ ᠪᠠᠶᠢᠳᠠᠭ᠃ ᠪᠢᠳᠡ ᠪᠠᠰᠠ ᠲᠣᠮᠢᠶ᠎ᠠ ᠪᠠᠷ ᠪᠤᠳᠤᠵᠤ ᠪᠣᠯᠤᠨ᠎ᠠ᠄ ᠪᠡᠶ᠎ᠡ ᠶᠢᠨ ᠬᠦᠨᠳᠦ ︵ᠺᠢᠯᠣᠭ᠍ᠷᠠᠮ︶ × 0.03= ᠡᠳᠦᠷ ᠪᠦᠷᠢ ᠶᠢᠨ ᠤᠤᠭᠤᠬᠤ ᠤᠰᠤᠨ ᠤ ᠡᠷᠡᠭᠦᠯ ᠬᠡᠮᠵᠢᠶ᠎ᠡ ︵ᠯᠢᠲᠷ︶᠃    ᠤᠰᠤ ᠤᠤᠭᠤᠬᠤ ᠳᠤ ᠬᠠᠮᠤᠭ ᠤᠨ ᠰᠠᠶᠢᠨ ᠴᠠᠭ ᠭᠡᠵᠦ ᠪᠠᠶᠢᠬᠤ ᠦᠭᠡᠢ᠂ ᠶᠠᠮᠠᠷ ᠴᠠᠭ ᠲᠤ ᠴᠤ ᠪᠦᠷ ᠪᠣᠯᠤᠨ᠎ᠠ ᠂ ᠪᠠᠭ᠎ᠠ ᠬᠡᠮᠵᠢᠶ᠎ᠡ ᠪᠠᠷ ᠤᠯᠠᠨ ᠤᠳᠠᠭ᠎ᠠ ᠤᠤᠭᠤᠬᠤ ᠵᠠᠷᠴᠢᠮ ᠢ ᠵᠢᠷᠤᠮᠯᠠᠬᠤ ᠶᠢ ᠰᠠᠨᠠᠭᠤᠯᠤᠶ᠎ᠠ᠃ ᠬᠥᠯᠥᠰᠥ ᠠᠷᠪᠢᠨ ᠭᠠᠷᠬᠤ ᠦᠶ᠎ᠡ ᠳᠤ ᠵᠣᠬᠢᠬᠤ ᠬᠡᠮᠵᠢᠶ᠎ᠡ ᠪᠠᠷ ᠳᠠᠪᠤᠰᠤ ᠲᠠᠢ ᠤᠰᠤ ᠶᠢ ᠨᠥᠬᠦᠪᠥᠷᠢᠯᠡᠵᠦ ᠪᠣᠯᠤᠨ᠎ᠠ᠃ ᠤᠳᠠᠭᠠᠨ ᠴᠢᠨᠠᠷᠲᠠᠶ ᠪᠥᠭᠡᠷᠡᠨ ᠡᠪᠡᠳᠴᠢᠨ ᠲᠠᠢ ᠡᠪᠡᠳᠴᠢᠲᠡᠨ᠂ ᠵᠢᠷᠦᠬᠡ ᠴᠢᠰᠤᠨ ᠰᠤᠳᠠᠯ ᠤᠨ ᠡᠪᠡᠳᠴᠢᠨ ᠲᠠᠢ ᠡᠪᠡᠳᠴᠢᠲᠡᠨ ᠡᠮᠴᠢ ᠠᠴᠠ ᠠᠰᠠᠭᠤᠨ ᠯᠠᠪᠯᠠᠭᠰᠠᠨ ᠤ ᠳᠠᠷᠠᠭ᠎ᠠ᠂ ᠤᠤᠭᠤᠬᠤ ᠤᠰᠤᠨ ᠤ ᠬᠡᠮᠵᠢᠶ᠎ᠡ ᠶᠢ ᠵᠣᠬᠢᠰᠲᠠᠶ ᠬᠢᠵᠠᠭᠠᠷᠯᠠᠨ᠎ᠠ᠃    2. ᠬᠡᠲᠦᠷᠬᠡᠢ ᠠᠷᠪᠢᠨ ᠤᠤᠭᠤᠬᠤ ᠬᠡᠲᠦᠷᠬᠡᠢ ᠪᠠᠭ᠎ᠠ ᠪᠣᠯᠤᠭᠰᠠᠨ ᠴᠤ ᠪᠡᠶ᠎ᠡ ᠳᠤ ᠬᠤᠣᠷ ᠲᠠᠢ    ᠬᠥᠮᠦᠨ ᠤ ᠪᠡᠶ᠎ᠡ ᠶᠢᠨ ᠳᠣᠲᠣᠷᠠᠬᠢ ᠤᠰᠤ ᠬᠡᠲᠦᠷᠬᠡᠶ ᠪᠠᠭ᠎ᠠ ᠪᠣᠯᠪᠠᠯ ᠠᠮᠠᠷᠬᠠᠨ ᠪᠡᠶ᠎ᠡ ᠠᠳᠠᠯᠢ ᠪᠤᠰᠤ ᠬᠡᠮᠵᠢᠶ᠎ᠡ ᠪᠠᠷ ᠤᠰᠤ ᠠᠯᠳᠠᠵᠤ᠂ ᠬᠥᠩᠭᠡᠨ ᠨᠢ ᠤᠮᠳᠠᠭᠠᠰᠬᠤ᠂ ᠢᠳᠡᠭᠡᠨ ᠤ ᠳᠤᠷᠠᠰᠢᠯ ᠦᠭᠡᠶ ᠪᠣᠯᠬᠤ᠂ ᠬᠦᠨᠳᠦ ᠨᠢ ᠬᠥᠳᠡᠯᠭᠡᠭᠡᠨ ᠤ ᠴᠢᠳᠠᠪᠤᠷᠢ ᠮᠠᠭᠤᠳᠠᠬᠤ᠂ ᠠᠩᠬᠠᠷᠤᠯ ᠮᠠᠭᠤᠳᠠᠬᠤ᠂ ᠮᠠᠩᠰᠢᠭᠤᠷᠠᠬᠤ ᠵᠡᠷᠭᠡ ᠪᠠᠶᠢᠳᠠᠯ ᠢᠯᠡᠷᠡᠨ᠎ᠡ᠃ ᠤᠷᠲᠤ ᠬᠤᠭᠤᠴᠠᠭ᠎ᠠ ᠪᠠᠷ ᠤᠰᠤᠨ ᠤ ᠰᠢᠩᠭᠡᠭᠡᠯᠲᠡ ᠶᠢᠨ ᠬᠡᠮᠵᠢᠶ᠎ᠡ ᠬᠦᠷᠦᠯᠴᠡᠬᠦ ᠦᠭᠡᠢ ᠪᠣᠯ ᠰᠢᠭᠡᠰᠦ ᠢᠯᠭᠠᠷᠠᠭᠤᠯᠬᠤ ᠰᠢᠰᠲ᠋ᠧᠮ ᠤᠨ ᠴᠢᠯᠠᠭᠤᠰᠢᠷᠠᠯ᠂ ᠬᠠᠪᠤᠳᠠᠷ ᠲᠤ ᠨᠡᠷᠪᠡᠭᠳᠡᠬᠦ ᠲᠦᠭᠰᠢᠭᠦᠷᠢ ᠶᠢ ᠨᠡᠮᠡᠭᠳᠡᠭᠦᠯᠦᠨ᠎ᠡ᠃    ᠤᠰᠤ ᠨᠥᠬᠦᠪᠥᠷᠢᠯᠡᠬᠦ ᠳᠤ ᠬᠡᠲᠦᠷᠬᠡᠶ ᠠᠷᠪᠢᠨ᠂ ᠬᠡᠲᠦᠷᠬᠡᠶ ᠬᠤᠷᠳᠤᠨ ᠪᠠᠶᠢᠵᠤ ᠪᠣᠯᠬᠤ ᠦᠭᠡᠢ᠂ ᠬᠡᠷᠪᠡ ᠪᠥᠭᠡᠷᠡᠨ ᠤ ᠭᠠᠳᠠᠭᠰᠢᠯᠠᠬᠤ ᠬᠤᠷᠳᠤᠴᠠ ᠠᠴᠠ ᠬᠡᠲᠦᠷᠡᠪᠡᠯ ᠤᠰᠤᠨ ᠳᠤ ᠬᠤᠣᠷᠳᠠᠭᠳᠠᠬᠤ ᠡᠪᠡᠳᠴᠢᠨ ᠤ ᠢᠯᠡᠷᠡᠯ ᠢ ᠡᠭᠦᠰᠭᠡᠨ᠎ᠡ᠂ ᠡᠭᠦᠨ ᠳᠤ ᠡᠰ ᠤᠨ ᠤᠰᠤᠨ ᠬᠠᠪᠤᠩ᠂ ᠴᠢᠰᠤᠨ ᠤ ᠨᠠᠲᠷᠢ ᠶᠢᠨ ᠥᠳᠬᠡᠴᠡ ᠬᠡᠳᠦ ᠳᠣᠣᠷ᠎ᠠ᠂ ᠲᠠᠷᠢᠬᠢᠨ ᠤ ᠳᠠᠷᠤᠯᠲᠠ ᠳᠡᠭᠡᠭᠰᠢᠯᠡᠬᠦ᠂ ᠠᠭᠤᠰᠬᠢᠨ ᠳᠤ ᠴᠢᠰᠤ ᠬᠤᠷᠠᠬᠤ᠂ ᠪᠥᠭᠡᠷ᠎ᠡ ᠶᠢᠨ ᠭᠡᠮᠲᠦᠯ᠂ ᠪᠤᠯᠴᠢᠩ ᠮᠢᠬ᠎ᠠ ᠶᠢᠨ ᠭᠡᠮᠲᠦᠯ᠂ ᠴᠢᠨᠠᠭᠰᠢᠯᠠᠪᠠᠯ ᠠᠮᠢ ᠨᠠᠰᠤᠨ ᠤ ᠠᠶᠤᠯ ᠲᠠᠢ ᠵᠡᠷᠭᠡ ᠪᠠᠭᠲᠠᠨ᠎ᠠ᠃    3. ᠶᠠᠭᠠᠬᠢᠵᠤ ᠤᠰᠤ ᠤᠤᠭᠤᠵᠤ ᠭᠦᠢᠴᠡᠭᠰᠡᠨ ᠡᠰᠡᠬᠦ ᠶᠢ ᠮᠠᠭᠠᠳᠯᠠᠬᠤ ᠪᠤᠢ    ᠰᠢᠭᠡᠰᠦᠨ ᠤ ᠥᠩᠭᠡ ᠶᠢ ᠠᠵᠢᠭᠯᠠᠬᠤ ᠳᠤ ᠬᠡᠷᠪᠡ ᠭᠦᠶᠦᠭᠡᠨ ᠨᠢᠮᠪᠡᠭᠡ ᠶᠢᠨ ᠥᠩᠭᠡ ᠲᠠᠢ ᠪᠣᠯ ᠪᠡᠶ᠎ᠡ ᠶᠢᠨ ᠳᠣᠲᠣᠷᠠᠬᠢ ᠤᠰᠤᠨ ᠤ ᠠᠭᠤᠯᠤᠭᠳᠠᠴᠠ ᠬᠠᠮᠤᠭ ᠰᠠᠶᠢᠨ ᠪᠠᠶᠢᠳᠠᠯ ᠳᠤ ᠪᠠᠶᠢᠬᠤ ᠶᠢ ᠬᠠᠷᠠᠭᠤᠯᠵᠤ ᠪᠠᠶᠢᠨ᠎ᠠ᠃ ᠬᠡᠷᠪᠡ ᠥᠳᠬᠡᠨ ᠮᠥᠷ ᠨᠢ ᠥᠩᠭᠡ ᠦᠭᠡᠢ ᠪᠣᠯ ᠤᠰᠤᠨ ᠤ ᠰᠢᠩᠭᠡᠭᠡᠯᠲᠡ ᠶᠢ ᠵᠣᠬᠢᠬᠤ ᠬᠡᠮᠵᠢᠶ᠎ᠡ ᠪᠠᠷ ᠪᠠᠭᠠᠰᠬᠠᠨ᠎ᠠ᠃ ᠬᠡᠷᠪᠡ ᠥᠳᠬᠡᠨ ᠮᠥᠷ ᠨᠢ ᠬᠦᠷᠡᠩ ᠰᠢᠷ᠎ᠠ ᠥᠩᠭᠡ ᠲᠠᠢ ᠪᠣᠯ ᠴᠠᠭ ᠲᠤᠬᠠᠶ ᠳᠤᠨᠢ ᠤᠰᠤ ᠨᠥᠬᠦᠬᠦ ᠬᠡᠷᠡᠭᠲᠡᠶ᠃    ᠰᠢᠭᠡᠬᠦ ᠤᠳᠠᠭ᠎ᠠ ᠶᠢ ᠪᠤᠳᠤᠬᠤ ᠪᠠ ᠰᠢᠭᠡᠬᠦ ᠤᠳᠠᠭ᠎ᠠ ᠶᠢ ᠬᠡᠮᠵᠢᠬᠦ ᠪᠠ ᠰᠢᠭᠡᠬᠦ ᠬᠡᠮᠵᠢᠶ᠎ᠡ ᠶᠢ ᠬᠡᠮᠵᠢᠬᠦ ᠨᠢ ᠤᠰᠤᠨ ᠤ ᠰᠢᠩᠭᠡᠭᠡᠯᠲᠡ ᠶᠢᠨ ᠬᠡᠮᠵᠢᠶ᠎ᠡ ᠲᠠᠢ ᠨᠢᠭᠲᠠ ᠬᠠᠷᠢᠴᠠᠭ᠎ᠠ ᠲᠠᠢ ᠪᠠᠶᠢᠳᠠᠭ᠃ ᠶᠡᠷᠦ ᠳᠡᠭᠡᠨ ᠡᠷᠡᠭᠦᠯ ᠴᠢᠭᠢᠷᠠᠭ ᠨᠠᠰᠤᠨ ᠳᠤ ᠬᠦᠷᠦᠭᠰᠡᠳ ᠤᠨ ᠡᠳᠦᠷ ᠪᠦᠷᠢ ᠶᠢᠨ ᠰᠢᠭᠡᠬᠦ ᠲᠤᠭ᠎ᠠ ᠨᠢ 4~8 ᠤᠳᠠᠭ᠎ᠠ᠂ ᠡᠳᠦᠷ ᠪᠦᠷᠢ ᠶᠢᠨ ᠰᠢᠭᠡᠬᠦ ᠬᠡᠮᠵᠢᠶ᠎ᠡ ᠨᠢ 1000~1500 ᠮᠢᠯᠢᠯᠢᠳ᠋ᠷ ᠪᠠᠶᠢᠳᠠᠭ᠃ ᠬᠡᠷᠪᠡ ᠡᠩ ᠤᠨ ᠦᠶ᠎ᠡ ᠳᠤ ᠡᠳᠡᠭᠡᠷ ᠲᠤᠭ᠎ᠠ ᠬᠡᠮᠵᠢᠭᠳᠡᠯ ᠠᠴᠠ ᠳᠣᠣᠷ᠎ᠠ ᠪᠠᠶᠢᠪᠠᠯ ᠳᠠᠷᠤᠶ ᠤᠰᠤ ᠤᠤᠭᠤᠬᠤ ᠬᠡᠷᠡᠭᠲᠡᠶ ᠭᠡᠰᠡᠨ ᠦᠭᠡ ᠪᠣᠯᠤᠨ᠎ᠠ᠃    4. ᠵᠠᠷᠢᠮ ᠡᠮ ᠢ ᠢᠳᠡᠵᠦ ᠪᠠᠷᠠᠭᠰᠠᠨ ᠤ ᠳᠠᠷᠠᠭ᠎ᠠ ᠪᠠᠭ᠎ᠠ ᠤᠰᠤ ᠤᠤᠭᠤ    ᠬᠢᠯᠭᠠᠰᠤᠨ ᠰᠤᠳᠠᠯ ᠤᠨ ᠡᠮ ᠤᠨ ᠰᠢᠩᠭᠡᠭᠡᠯᠲᠡ ᠶᠢ ᠨᠥᠯᠥᠭᠡᠯᠡᠬᠦ ᠠᠴᠠ ᠵᠠᠶᠢᠯᠠᠰᠬᠢᠬᠦ ᠶᠢᠨ ᠲᠥᠯᠥᠭᠡ᠂ ᠡᠮ ᠤᠤᠭᠤᠬᠤ ᠳᠤ ᠬᠡᠯᠡᠨ ᠳᠣᠣᠷ᠎ᠠ ᠪᠠᠨ ᠤᠤᠭᠤᠬᠤ ᠴᠢᠬᠤᠯᠠ ᠲᠠᠢ ᠡᠮ ᠢ ᠤᠤᠭᠤᠭᠰᠠᠨ ᠤ ᠳᠠᠷᠠᠭ᠎ᠠ 30 ᠮᠢᠨᠦ᠋ᠲ ᠤᠨ ᠳᠣᠲᠣᠷ᠎ᠠ ᠤᠰᠤ ᠤᠤᠭᠤᠵᠤ ᠪᠣᠯᠬᠤ ᠦᠭᠡᠢ᠃    ᠬᠠᠨᠢᠶᠠᠳᠤ ᠶᠢ ᠵᠣᠭᠰᠣᠭᠠᠬᠤ ᠡᠮ ᠳᠤ ᠬᠠᠨᠢᠶᠠᠳᠤ ᠶᠢ ᠵᠣᠭᠰᠣᠭᠠᠬᠤ ᠡᠮ ᠢ ᠤᠤᠭᠤᠭᠰᠠᠨ ᠤ ᠳᠠᠷᠠᠭ᠎ᠠ 10 ᠮᠢᠨᠦ᠋ᠲ ᠤᠨ ᠳᠣᠲᠣᠷ᠎ᠠ ᠤᠰᠤ ᠤᠤᠭᠤᠵᠤ ᠪᠣᠯᠬᠤ ᠦᠭᠡᠢ᠃    ᠬᠤᠳᠣᠭᠤᠳᠣ ᠭᠡᠳᠡᠰᠦᠨ ᠤ ᠡᠪᠡᠳᠴᠢᠨ ᠤ ᠡᠮ ᠬᠤᠳᠣᠭᠤᠳᠣ ᠭᠡᠳᠡᠰᠦᠨ ᠤ ᠡᠪᠡᠳᠴᠢᠨ ᠤ ᠡᠮ ᠢ ᠤᠤᠭᠤᠭᠰᠠᠨ ᠤ ᠳᠠᠷᠠᠭ᠎ᠠ ᠨᠢᠭᠡ ᠴᠠᠭ ᠤᠨ ᠳᠣᠲᠣᠷ᠎ᠠ ᠠᠯᠢ ᠴᠢᠳᠠᠬᠤ ᠪᠠᠷ ᠪᠠᠭ᠎ᠠ ᠤᠰᠤ ᠤᠤᠭᠤᠨ᠎ᠠ᠃    ᠠᠮᠠ ᠵᠠᠶᠢᠯᠬᠤ ᠡᠮ ᠢ ᠠᠮᠠᠨ ᠤ ᠬᠥᠨᠳᠡᠶ ᠳᠤ ᠵᠣᠬᠢᠬᠤ ᠥᠳᠬᠡᠴᠡ ᠲᠠᠢ ᠪᠠᠶᠢᠯᠭᠠᠬᠤ ᠶᠢ ᠪᠠᠲᠤᠯᠠᠬᠤ ᠶᠢᠨ ᠲᠥᠯᠥᠭᠡ᠂ ᠡᠮ ᠬᠡᠷᠡᠭᠯᠡᠭᠰᠡᠨ ᠤ ᠳᠠᠷᠠᠭ᠎ᠠ ᠳᠠᠷᠦ᠋ᠢᠬᠠᠨ ᠤᠰᠤ ᠤᠤᠭᠤᠵᠤ ᠪᠣᠯᠬᠤ ᠦᠭᠡᠢ᠃    ᠡᠩ ᠤᠨ ᠪᠠᠶᠢᠳᠠᠯ ᠳᠣᠣᠷ᠎ᠠ᠂ ᠪᠦᠯᠢᠶᠡᠨ ᠤᠰᠤ ᠪᠠᠷ ᠡᠮ ᠢ ᠬᠦᠷᠭᠡᠨ᠎ᠡ᠂ ᠭᠡᠪᠡᠴᠦ ᠸᠢᠲ᠋ᠠᠮᠢᠨ᠂ ᠰᠢᠩᠭᠡᠭᠡᠯᠲᠡ ᠶᠢ ᠰᠠᠶᠢᠵᠢᠷᠠᠭᠤᠯᠬᠤ ᠡᠮ ᠵᠢᠴᠢ ᠵᠠᠷᠢᠮ ᠢᠳᠡᠪᠬᠢ ᠪᠠᠺᠲ᠋ᠧᠷᠢ ᠶᠢᠨ ᠲᠥᠷᠥᠯ ᠤᠨ ᠡᠮ ᠢ ᠤᠰᠤᠨ ᠤ ᠬᠠᠯᠠᠭᠤᠨ ᠤ ᠬᠡᠮᠵᠢᠶ᠎ᠡ ᠨᠢ 40 ᠼᠧᠯᠰ ᠤᠨ ᠭᠷᠠᠳᠦ᠋ᠰ ᠠᠴᠠ ᠳᠣᠣᠷ᠎ᠠ ᠪᠠᠶᠢᠬᠤ ᠬᠦᠢᠲᠡᠨ ᠴᠠᠭᠠᠨ ᠢᠶᠠᠷ ᠬᠦᠷᠭᠡᠵᠦ ᠤᠤᠭᠤᠯᠭᠠᠨ᠎ᠠ᠃    5. ᠶᠠᠮᠠᠷ ᠪᠠᠶᠢᠳᠠᠯ ᠳᠣᠣᠷ᠎ᠠ ᠢᠯᠡᠭᠦᠦ ᠤᠰᠤ ᠤᠤᠭᠤᠬᠤ ᠬᠡᠷᠡᠭᠲᠡᠢ ᠪᠣᠢ    ᠬᠤᠷᠭᠤᠰᠣᠯᠠᠬᠤ ᠪᠡᠶ᠎ᠡ ᠳᠤ ᠤᠰᠤ ᠳᠤᠲᠠᠭᠳᠠᠬᠤ ᠦᠶ᠎ᠡ ᠳᠤ᠂ ᠪᠠᠭᠠᠰᠤᠨ ᠳᠠᠬᠢ ᠤᠰᠤ ᠨᠢ ᠪᠠᠰᠠ ᠪᠠᠭᠠᠰᠤᠨ᠎ᠠ᠂ ᠡᠭᠦᠨ ᠤ ᠤᠯᠠᠮ ᠠᠴᠠ ᠪᠠᠭᠠᠰᠤ ᠶᠢ ᠬᠠᠭᠤᠷᠠᠶᠢᠳᠠᠭᠤᠯᠬᠤ ᠪᠤᠶᠤ ᠴᠢᠨᠠᠭᠰᠢᠯᠠᠪᠠᠯ ᠬᠤᠷᠭᠤᠰᠣᠯᠠᠬᠤ ᠳᠤ ᠬᠦᠷᠦᠭᠦᠯᠦᠨ᠎ᠡ᠃ ᠬᠡᠷᠪᠡ ᠤᠰᠤ ᠳᠤᠲᠠᠭᠳᠠᠭᠰᠠᠨ ᠠᠴᠠ ᠪᠣᠯᠵᠤ ᠪᠠᠭ᠎ᠠ ᠬᠡᠮᠵᠢᠶᠡᠨ ᠤ ᠬᠤᠷᠭᠤᠰᠣ ᠬᠠᠲᠠᠪᠠᠯ᠂ ᠶᠡᠭᠡ ᠬᠡᠮᠵᠢᠶᠡᠨ ᠤ ᠤᠰᠤ ᠤᠤᠭᠤᠪᠠᠯ ᠵᠣᠬᠢᠬᠤ ᠬᠡᠮᠵᠢᠶ᠎ᠡ ᠪᠠᠷ ᠨᠠᠮᠵᠢᠳᠠᠭ᠃ ᠤᠰᠤ ᠤᠤᠭᠤᠬᠤ ᠳᠠᠭᠠᠨ ᠵᠠᠪᠠᠯ ᠶᠡᠭᠡ ᠠᠮᠠ ᠪᠠᠷ ᠤᠤᠭᠤᠵᠤ᠂ ᠲᠦᠷᠭᠡᠨ ᠵᠠᠯᠭᠢᠵᠤ᠂ ᠭᠡᠳᠡᠰᠦᠨ ᠤ ᠭᠦᠷᠪᠡᠯᠵᠡᠬᠦ ᠬᠥᠳᠡᠯᠭᠡᠭᠡᠨ ᠳᠤ ᠰᠡᠳᠦᠯᠲᠡ ᠥᠭᠴᠦ᠂ ᠬᠤᠷᠭᠤᠰᠣᠯᠠᠬᠤ ᠡᠪᠡᠳᠴᠢᠨ ᠤ ᠢᠯᠡᠷᠡᠯ ᠢ ᠬᠥᠩᠭᠡᠷᠡᠭᠦᠯᠦᠨ᠎ᠡ᠃    ᠲᠤᠯᠠᠢ ᠡᠪᠡᠳᠴᠢᠨ ᠳᠤ ᠤᠰᠤ ᠠᠷᠪᠢᠨ ᠤᠤᠭᠤᠵᠤ᠂ ᠢᠯᠡᠭᠦᠦ ᠰᠢᠭᠡᠬᠦ ᠨᠢ ᠰᠢᠭᠡᠰᠦᠨ ᠬᠦᠴᠢᠯ ᠤᠨ ᠭᠠᠳᠠᠭᠰᠢᠯᠠᠬᠤ ᠳᠤ ᠲᠤᠰᠠᠲᠠᠢ᠂ ᠲᠤᠯᠠᠢ ᠡᠪᠡᠳᠴᠢᠨ ᠤ ᠢᠯᠡᠷᠡᠯ ᠢ ᠨᠠᠮᠳᠠᠭᠤᠯᠤᠨ᠎ᠠ᠃    ᠲᠠᠭᠰᠢᠭᠤᠷ ᠲᠤ ᠨᠡᠷᠪᠡᠭᠳᠡᠭᠰᠡᠨ ᠡᠪᠡᠳᠴᠢᠲᠡᠨ ᠡᠮ ᠤᠤᠭᠤᠭᠰᠠᠨ ᠤ ᠳᠠᠷᠠᠭ᠎ᠠ ᠣᠯᠠᠩᠬᠢ ᠳᠠᠭᠠᠨ ᠬᠥᠯᠥᠰᠥ ᠭᠠᠷᠬᠤ ᠪᠠᠶᠢᠳᠠᠯ ᠲᠠᠢ᠂ ᠤᠰᠤ ᠤᠤᠭᠤᠪᠠᠯ ᠪᠡᠶ᠎ᠡ ᠶᠢᠨ ᠳᠣᠲᠣᠷᠠᠬᠢ ᠤᠰᠤ ᠶᠢ ᠴᠠᠭ ᠲᠤᠬᠠᠶ ᠳᠤᠨᠢ ᠨᠥᠬᠦᠪᠥᠷᠢᠯᠡᠨ᠎ᠡ᠃ ᠤᠰᠤ ᠠᠷᠪᠢᠨ ᠤᠤᠭᠤᠪᠠᠯ ᠴᠡᠷ ᠢ ᠰᠢᠩᠭᠡᠷᠡᠭᠦᠯᠵᠦ᠂ ᠴᠡᠷ ᠢ ᠭᠠᠳᠠᠭᠰᠢᠯᠠᠭᠤᠯᠬᠤ ᠳᠤ ᠠᠰᠢᠭᠲᠠᠶ᠃    ᠮᠠᠷᠢᠶ᠎ᠠ ᠰᠢᠭᠤᠷᠠᠭᠤᠯᠬᠤ ᠬᠤᠭᠤᠯᠠᠨ ᠠᠴᠠ ᠡᠮᠦᠨ᠎ᠡ ᠬᠠᠭᠠᠰ ᠴᠠᠭ ᠤᠨ ᠡᠮᠦᠨ᠎ᠡ ᠨᠢᠭᠡ ᠴᠣᠮᠣ ᠤᠰᠤ ᠤᠤᠭᠤᠪᠠᠯ ᠭᠡᠳᠡᠰᠦ ᠴᠠᠳᠬᠤᠯᠠᠩ ᠪᠣᠯᠵᠣ᠂ ᠢᠳᠡᠰᠢᠨ ᠤ ᠵᠦᠢᠯ ᠢ ᠪᠠᠭᠠᠰᠬᠠᠵᠤ ᠲᠠᠶᠢᠯᠤᠨ᠎ᠠ᠃    ᠠᠷᠢᠬᠢᠨ ᠳᠤ ᠰᠣᠭᠲᠣᠭᠰᠠᠨ ᠰᠫᠢᠷᠲ ᠨᠢ ᠪᠡᠶ᠎ᠡ ᠶᠢᠨ ᠤᠰᠤ ᠠᠯᠳᠠᠬᠤ ᠶᠢ ᠲᠦᠷᠭᠡᠳᠬᠡᠳᠡᠭ᠃ ᠤᠰᠤ ᠬᠡᠳᠦ᠋ᠢᠪᠡᠷ ᠠᠷᠢᠬᠢ ᠶᠢ ᠲᠠᠶᠢᠯᠵᠤ ᠳᠡᠶᠢᠯᠬᠦ ᠦᠭᠡᠢ ᠪᠣᠯᠪᠠᠴᠤ ᠪᠡᠶ᠎ᠡ ᠳᠤ ᠤᠰᠤ ᠨᠥᠬᠦᠪᠥᠷᠢᠯᠡᠵᠦ᠂ ᠤᠰᠤ ᠠᠯᠳᠠᠬᠤ ᠠᠴᠠ ᠪᠣᠯᠤᠭᠰᠠᠨ ᠡᠯ᠎ᠡ ᠵᠦᠢᠯ ᠤᠨ ᠡᠪ ᠦᠭᠡᠢ ᠪᠠᠶᠢᠳᠠᠯ ᠢ ᠰᠡᠷᠭᠡᠶᠢᠯᠡᠨ᠎ᠡ᠃    ᠲᠠᠷᠢᠬᠢ ᠪᠠᠨ ᠬᠥᠳᠡᠯᠭᠡᠬᠦ ᠳᠤ ᠬᠥᠮᠦᠨ ᠤ ᠪᠡᠶ᠎ᠡ ᠶᠢᠨ ᠬᠦᠨᠳᠦ ᠶᠢᠨ ᠢᠶᠠᠨ 2% ᠠᠴᠠ ᠳᠡᠭᠡᠭᠰᠢᠬᠢ ᠤᠰᠤ ᠶᠢ ᠠᠯᠳᠠᠬᠤ ᠦᠶ᠎ᠡ ᠳᠤ᠂ ᠬᠠᠷᠠᠭ᠎ᠠ᠂ ᠴᠡᠭᠡᠵᠢᠯᠡᠬᠦ ᠴᠢᠳᠠᠪᠤᠷᠢ ᠪᠠ ᠠᠩᠬᠠᠷᠤᠯ ᠵᠢᠴᠢ ᠪᠤᠰᠤᠳ ᠲᠠᠨᠢᠨ ᠮᠡᠳᠡᠬᠦ ᠴᠢᠳᠠᠪᠤᠷᠢ ᠨᠢ ᠪᠦᠷ ᠪᠠᠭᠤᠷᠠᠨ᠎ᠠ᠃    6. ᠵᠠᠷᠢᠮ ᠤᠰᠤ ᠶᠢ ᠤᠤᠭᠤᠵᠤ ᠪᠣᠯᠬᠤ ᠦᠭᠡᠢ᠃    ᠳᠡᠯᠡᠬᠡᠶ ᠶᠢᠨ ᠡᠷᠡᠭᠦᠯ ᠬᠠᠮᠠᠭᠠᠯᠠᠯ ᠤᠨ ᠵᠣᠬᠢᠶᠠᠨ ᠪᠠᠶᠢᠭᠤᠯᠤᠯᠲᠠ᠂ ᠣᠯᠠᠨ ᠤᠯᠤᠰ ᠤᠨ ᠥᠮᠡᠨ ᠡᠪᠡᠳᠴᠢᠨ ᠤ ᠪᠠᠶᠢᠭᠤᠯᠤᠮᠵᠢ ᠶᠢᠨ ᠬᠢᠨ ᠴᠥᠮ 65 ᠼᠧᠯᠰ ᠤᠨ ᠭᠷᠠᠳᠦ᠋ᠰ ᠠᠴᠠ ᠳᠡᠭᠡᠭᠰᠢᠬᠢ ᠬᠠᠯᠠᠭᠤᠨ ᠤᠮᠳᠠᠭᠠᠨ ᠤᠤᠭᠤᠪᠠᠯ ᠤᠯᠠᠭᠠᠨ ᠬᠤᠭᠤᠯᠠᠶ ᠶᠢᠨ ᠥᠮᠡᠨ ᠳᠤ ᠨᠡᠷᠪᠡᠭᠳᠡᠬᠦ ᠲᠦᠭᠰᠢᠭᠦᠷᠢ ᠶᠢ ᠨᠡᠮᠡᠭᠳᠡᠭᠦᠯᠦᠨ᠎ᠡ ᠭᠡᠵᠦ ᠰᠠᠨᠠᠭᠤᠯᠵᠤ ᠥᠩᠭᠡᠷᠡᠭᠰᠡᠨ ᠶᠤᠮ᠃ ᠡᠩ ᠤᠨ ᠪᠠᠶᠢᠳᠠᠯ ᠳᠤ ᠠᠪᠴᠤ ᠬᠡᠯᠡᠪᠡᠯ᠂ ᠰᠠᠶ᠋ᠢ ᠲᠣᠭᠤᠭᠠᠨ ᠠᠴᠠ ᠭᠠᠷᠤᠭᠰᠠᠨ ᠱᠥᠯᠥ᠂ ᠰᠠᠶ᠋ᠢ ᠳᠡᠪᠲᠦᠭᠡᠭᠰᠡᠨ ᠺᠤᠹᠤ / ᠴᠠᠶ ᠤᠮᠳᠠᠭᠠᠨ ᠤ ᠳᠤᠯᠠᠭᠠᠨ ᠤ ᠬᠡᠮᠵᠢᠶ᠎ᠡ ᠨᠢ 80 ~ 95 ᠭᠷᠠᠳᠦ᠋ᠰ ᠪᠠᠶᠢᠳᠠᠭ᠂ ᠡᠨᠡ ᠦᠶ᠎ᠡ ᠳᠤ ᠤᠤᠭᠤᠪᠠᠯ᠂ ᠠᠮᠠ ᠪᠠᠨ ᠬᠠᠯᠠᠭᠠᠬᠤ ᠪᠠᠷ ᠪᠠᠷᠠᠬᠤ ᠦᠭᠡᠶ᠂ ᠪᠠᠰᠠ ᠬᠠᠯᠠᠭᠠᠴᠢᠬᠠᠭᠠᠳ ᠡᠪᠡᠳᠴᠢᠨ ᠣᠯᠤᠨ᠎ᠠ᠂ ᠡᠨᠡ ᠦᠶ᠎ᠡ ᠳᠤ ᠤᠤᠭᠤᠪᠠᠯ᠂ ᠠᠮᠠ ᠶᠢ ᠨᠢ ᠬᠠᠯᠠᠭᠠᠬᠤ ᠪᠠᠷ ᠪᠠᠷᠠᠬᠤ ᠦᠭᠡᠶ᠂ ᠬᠠᠯᠠᠭᠠᠴᠢᠬᠠᠭᠠᠳ ᠡᠪᠡᠳᠴᠢᠨ ᠳᠤ ᠨᠡᠷᠪᠡᠭᠳᠡᠨ᠎ᠡ᠃    ᠮᠠᠨ ᠤ ᠠᠮᠠᠨ ᠬᠥᠨᠳᠡᠶ᠂ ᠤᠯᠠᠭᠠᠨ ᠬᠤᠭᠤᠯᠠᠶ ᠶᠢᠨ ᠭᠠᠳᠠᠷᠭᠤ ᠳᠤ ᠪᠦᠷ ᠰᠠᠯᠢᠰᠤᠲᠤ ᠪᠦᠷᠬᠦᠪᠴᠢ ᠪᠠᠷ ᠪᠦᠷᠬᠦᠵᠦ᠂ ᠢᠳᠡᠰᠢᠯᠡᠬᠦ ᠳᠤᠯᠠᠭᠠᠨ ᠤ ᠬᠡᠮᠵᠢᠶ᠎ᠡ ᠶᠢ 10~40 ᠭᠷᠠᠳᠦ᠋ᠰ ᠪᠠᠶᠢᠯᠭᠠᠵᠤ᠂ ᠬᠡᠪ ᠤᠨ ᠹᠢᠽᠢᠣᠯᠣᠭᠢ ᠶᠢᠨ ᠠᠵᠢᠯᠯᠠᠭ᠎ᠠ ᠶᠢ ᠬᠠᠮᠠᠭᠠᠯᠠᠬᠤ ᠳᠤ ᠠᠰᠢᠭᠲᠠᠶ ᠪᠠᠶᠢᠳᠠᠭ᠃ ᠬᠤᠳᠣᠭᠤᠳᠣ ᠭᠡᠳᠡᠰᠦᠨ ᠤ ᠴᠢᠳᠠᠪᠤᠷᠢ ᠳᠣᠷᠣᠢ ᠬᠥᠮᠦᠨ ᠮᠥᠰᠥ ᠲᠠᠢ ᠤᠰᠤ ᠤᠤᠭᠤᠬᠤ ᠶᠢ ᠰᠠᠨᠠᠭᠠᠴᠢᠯᠠᠬᠤ ᠦᠭᠡᠢ ︵10 ᠼᠧᠯᠰ ᠤᠨ ᠭᠷᠠᠳᠦ᠋ᠰ ᠠᠴᠠ ᠳᠣᠷᠣᠭᠰᠢ︶᠃ ᠮᠠᠨ ᠤ ᠬᠡᠯᠡᠵᠦ ᠪᠠᠶᠢᠭ᠎ᠠ ᠪᠦᠯᠢᠶᠡᠨ ᠤᠰᠤ ᠨᠢ ᠶᠡᠷᠦ ᠳᠡᠭᠡᠨ 40~50 ᠭᠷᠠᠳᠦ᠋ᠰ ᠪᠠᠶᠢᠵᠤ᠂ ᠬᠠᠯᠠᠭᠤᠨ ᠪᠦᠯᠢᠶᠡᠨ ᠮᠥᠷᠲᠡᠭᠡᠨ ᠠᠮᠠ ᠬᠠᠯᠠᠭᠠᠬᠤ ᠦᠭᠡᠢ ᠰᠡᠷᠡᠭᠳᠡᠯ ᠪᠣᠯᠤᠨ᠎ᠠ᠃ ᠡᠨᠡ ᠪᠣᠯ ᠮᠠᠨ ᠤ ᠬᠡᠯᠡᠵᠦ ᠪᠠᠶᠢᠭ᠎ᠠ ᠪᠦᠯᠢᠶᠡᠨ ᠤᠰᠤ ᠨᠢ ᠶᠡᠷᠦ ᠳᠡᠭᠡᠨ 40~50 ᠭᠷᠠᠳᠦ᠋ᠰ ᠪᠠᠶᠢᠵᠤ᠂ ᠬᠠᠯᠠᠭᠤᠨ ᠪᠦᠯᠢᠶᠡᠨ ᠮᠥᠷᠲᠡᠭᠡᠨ ᠠᠮᠠ ᠬᠠᠯᠠᠭᠠᠬᠤ ᠦᠭᠡᠢ ᠰᠡᠷᠡᠭᠳᠡᠯ ᠪᠣᠯᠤᠨ᠎ᠠ᠃ 10~40 ᠭᠷᠠᠳᠦ᠋ᠰ ᠤᠨ ᠤᠰᠤ ᠨᠢ ᠰᠡᠷᠢᠭᠦᠨ ᠴᠠᠭᠠᠨ ᠲᠠᠢ ᠨᠡᠩ ᠣᠶᠢᠷᠠᠯᠴᠠᠭ᠎ᠠ ᠪᠠᠶᠢᠳᠠᠭ᠂ ᠡᠶᠢᠮᠦᠷᠬᠦᠦ ᠳᠤᠯᠠᠭᠠᠨ ᠤ ᠬᠡᠮᠵᠢᠶ᠎ᠡ ᠲᠠᠢ ᠤᠰᠤ ᠶᠢ ᠤᠤᠭᠤᠬᠤ ᠶᠢ ᠬᠠᠮᠤᠭ ᠠᠴᠠ ᠢᠯᠡᠭᠦᠦ ᠲᠠᠨᠢᠯᠴᠠᠭᠤᠯᠤᠨ᠎ᠠ᠃    ᠰᠡᠷᠢᠭᠦᠨ ᠴᠠᠭᠠᠨ ᠳᠤᠯᠠᠭᠠᠨ ᠤ ᠬᠡᠮᠵᠢᠶ᠎ᠡ ᠨᠢ ᠬᠥᠮᠦᠨ ᠤ ᠪᠡᠶ᠎ᠡ ᠶᠢᠨ ᠳᠤᠯᠠᠭᠠᠨ ᠲᠠᠢ ᠣᠶᠢᠷᠠᠯᠴᠠᠭ᠎ᠠ ᠪᠠᠶᠢᠵᠤ᠂ ᠤᠤᠭᠤᠭᠰᠠᠨ ᠤ ᠳᠠᠷᠠᠭ᠎ᠠ ᠬᠤᠳᠣᠭᠤᠳᠣ ᠭᠡᠳᠡᠰᠦᠨ ᠤ ᠵᠠᠮ ᠳᠤ ᠠᠮᠠᠷᠬᠠᠨ ᠰᠡᠳᠦᠯᠲᠡ ᠥᠭᠬᠦ ᠦᠭᠡᠶ ᠪᠠᠶᠢᠳᠠᠭ᠃ ᠪᠡᠶ᠎ᠡ ᠶᠢᠨ ᠳᠤᠯᠠᠭᠠᠨ ᠠᠴᠠ ᠵᠢᠭᠠᠬᠠᠨ ᠳᠣᠣᠷ᠎ᠠ ᠤᠰᠤ ᠬᠥᠮᠦᠨ ᠤ ᠪᠡᠶ᠎ᠡ ᠳᠤ ᠤᠷᠤᠭᠰᠠᠨ ᠤ ᠰᠡᠭᠦᠯᠡᠷ᠂ ᠪᠡᠶ᠎ᠡ ᠶᠢᠨ ᠳᠣᠲᠣᠷ᠎ᠠ ᠬᠠᠯᠠᠭᠠᠭᠠᠳ ᠪᠡᠶ᠎ᠡ ᠶᠢᠨ ᠳᠤᠯᠠᠭᠠᠨ ᠤ ᠲᠦᠪᠰᠢᠨ ᠳᠤ ᠬᠦᠷᠳᠡᠭ᠃ ᠡᠨᠡ ᠬᠦ ᠢᠯᠡᠭᠦᠴᠡ ︽ᠳᠤᠯᠠᠭᠠᠨ ᠨᠡᠮᠡᠬᠦ︾ ᠭᠤᠭᠴᠤᠭ᠎ᠠ ᠳᠤ ᠨᠠᠩ ᠣᠯᠠᠨ ᠢᠯᠴᠢ ᠰᠢᠲᠠᠭᠠᠳᠠᠭ᠃    ᠠᠮᠧᠷᠢᠺᠠ ᠶᠢᠨ ᠪᠡᠶ᠎ᠡ ᠶᠢᠨ ᠲᠠᠮᠢᠷ ᠤᠨ ᠠᠨᠠᠭᠠᠬᠤ ᠤᠬᠠᠭᠠᠨ ᠤ ᠰᠤᠳᠤᠯᠭᠠᠨ ᠤ ᠭᠡᠷᠡᠴᠢᠯᠡᠭᠰᠡᠨ ᠢᠶᠠᠷ᠂ ᠪᠡᠶ᠎ᠡ ᠶᠢᠨ ᠲᠠᠮᠢᠷ ᠤᠨ ᠬᠥᠳᠡᠯᠭᠡᠭᠡᠨ ᠤ ᠳᠤᠮᠳᠠ ᠬᠦᠢᠲᠡᠨ ᠴᠠᠭᠠᠨ ᠨᠣᠭᠤᠭ᠎ᠠ ᠶᠢᠨ ᠪᠦᠯᠦᠭ ᠤᠤᠭᠤᠬᠤ ᠨᠢ ᠪᠦᠯᠢᠶᠡᠨ ᠤᠰᠤ ᠤᠤᠭᠤᠬᠤ ᠠᠴᠠ ᠢᠯᠡᠭᠦᠦ ᠳᠤᠯᠠᠭᠠᠨ ᠤ ᠬᠡᠮᠵᠢᠶ᠎ᠡ ᠶᠢᠨ ᠲᠣᠭᠲᠠᠭᠤᠨ ᠪᠠᠶᠢᠳᠠᠯ ᠢ ᠨᠡᠩ ᠰᠠᠶᠢᠨ ᠪᠠᠲᠤᠯᠠᠵᠤ᠂ ᠲᠠᠮᠢᠷᠴᠢᠳ ᠤᠨ ᠨᠡᠩ ᠰᠢᠯᠢᠳᠡᠭ ᠬᠢᠷᠢ ᠪᠦᠲᠦᠮᠵᠢ ᠤᠯᠬᠤ ᠳᠤ ᠠᠰᠢᠭᠲᠠᠶ ᠶᠤᠮ᠃    7. ᠣᠨᠴᠠᠭᠠᠢ ᠬᠥᠮᠦᠰ ᠤᠰᠤ ᠤᠤᠭᠤᠬᠤ ᠶᠢ ᠡᠷᠬᠢᠮᠯᠡᠨ᠎ᠡ    ᠪᠥᠭᠡᠷ᠎ᠡ ︽ᠭᠡᠮᠲᠦᠯ︾ ᠭᠠᠷᠬᠤ ᠦᠶ᠎ᠡ ᠳᠤ᠂ ᠤᠰᠤ ᠠᠷᠪᠢᠨ ᠤᠤᠭᠤᠬᠤ ᠪᠠ ᠤᠰᠤ ᠪᠠᠭ᠎ᠠ ᠤᠤᠭᠤᠬᠤ ᠨᠢ ᠪᠦᠷ ᠪᠥᠭᠡᠷ᠎ᠡ ᠶᠢᠨ ᠰᠣᠯᠢᠯᠴᠠᠭ᠎ᠠ ᠶᠢᠨ ᠠᠵᠢᠯᠯᠠᠭ᠎ᠠ ᠶᠢ ᠨᠥᠯᠥᠭᠡᠯᠡᠨ᠎ᠡ᠂ ᠲᠡᠭᠡᠪᠡᠯ ᠪᠥᠭᠡᠷᠡᠨ ᠡᠪᠡᠳᠴᠢᠲᠡᠨ ᠴᠤᠬᠤᠮ ᠬᠡᠷᠬᠢᠨ ᠵᠥᠪ ᠣᠨᠣᠪᠴᠢᠲᠠᠶ ᠤᠰᠤ ᠤᠤᠭᠤᠪᠠᠯ ᠵᠣᠬᠢᠬᠤ ᠪᠣᠢ︖    ᠢᠯᠡᠷᠬᠡᠶ ᠤᠰᠤᠨ ᠬᠠᠪᠤᠩ / ᠵᠢᠷᠦᠬᠡ ᠮᠠᠭᠤᠳᠠᠭᠰᠠᠨ ᠦᠭᠡᠢ ᠪᠥᠭᠡᠷᠡᠨ ᠡᠪᠡᠳᠴᠢᠨ ᠲᠠᠢ ᠡᠪᠡᠳᠴᠢᠲᠡᠨ ᠤ ᠤᠤᠭᠤᠬᠤ ᠤᠰᠤᠨ ᠤ ᠬᠡᠮᠵᠢᠶ᠎ᠡ ᠶᠢ ᠡᠳᠦᠷ ᠪᠦᠷᠢ ᠶᠢᠨ ᠤᠤᠭᠤᠬᠤ ᠤᠰᠤᠨ ᠤ ᠬᠡᠮᠵᠢᠶ᠎ᠡ ᠶᠢ 1500~2000 ᠮᠢᠯᠢᠯᠢᠳ᠋ᠷ ᠢᠶᠠᠷ ᠬᠢᠵᠠᠭᠠᠷᠯᠠᠨ᠎ᠠ᠃ ᠭᠦᠢᠴᠡᠳ ᠤᠰᠤ ᠤᠤᠭᠤᠬᠤ ᠶᠢ ᠪᠠᠲᠤᠯᠠᠬᠤ ᠨᠢ ᠰᠢᠭᠡᠰᠦᠨ ᠤ ᠪᠦᠷᠢᠯᠳᠦᠬᠦ ᠶᠢ ᠠᠬᠢᠭᠤᠯᠵᠤ᠂ ᠰᠣᠯᠢᠯᠴᠠᠭᠠᠨ ᠤ ᠬᠠᠶᠠᠭᠳᠠᠮᠠᠯ ᠪᠣᠳᠠᠰ ᠢ ᠴᠡᠪᠡᠷᠯᠡᠨ ᠠᠷᠢᠯᠭᠠᠵᠤ᠂ ᠪᠥᠭᠡᠷᠡᠨ ᠤ ᠠᠵᠢᠯᠯᠠᠭ᠎ᠠ ᠶᠢᠨ ᠲᠣᠭᠲᠠᠭᠤᠨ ᠪᠠᠶᠢᠬᠤ ᠶᠢ ᠪᠠᠲᠤᠯᠠᠬᠤ ᠳᠤ ᠠᠰᠢᠭᠲᠠᠶ ᠶᠤᠮ᠃    ᠤᠰᠤᠨ ᠬᠠᠪᠤᠩ᠂ ᠰᠢᠭᠡᠰᠦ ᠪᠠᠭᠠᠰᠬᠤ ᠪᠤᠶᠤ ᠰᠢᠭᠡᠰᠦ ᠦᠭᠡᠢ᠂ ᠨᠡᠪᠲᠡᠷᠡᠭᠦᠯᠦᠨ ᠵᠠᠳᠠᠷᠠᠭᠤᠯᠬᠤ ᠡᠪᠡᠳᠴᠢᠲᠡᠨ ᠳᠤ ᠤᠰᠤ ᠪᠠᠭ᠎ᠠ ᠤᠤᠭᠤᠯᠭᠠᠨ᠎ᠠ᠃ ᠰᠢᠭᠡᠰᠦ ᠪᠠᠭᠠᠰᠬᠤ ᠭᠡᠳᠡᠭ ᠨᠢ ᠡᠳᠦᠷ ᠪᠦᠷᠢ 400 ᠮᠢᠯᠢᠯᠢᠳ᠋ᠷ ᠠᠴᠠ ᠪᠠᠭ᠎ᠠ ᠰᠢᠭᠡᠬᠦ ᠶᠢ ᠵᠢᠭᠠᠵᠤ ᠪᠣᠢ᠃ ᠰᠢᠭᠡᠰᠦ ᠦᠭᠡᠢ ᠭᠡᠳᠡᠭ ᠨᠢ ᠡᠳᠦᠷ ᠪᠦᠷᠢ 100 ᠮᠢᠯᠢᠯᠢᠳ᠋ᠷ ᠠᠴᠠ ᠪᠠᠭ᠎ᠠ ᠰᠢᠭᠡᠬᠦ ᠶᠢ ᠵᠢᠭᠠᠵᠤ ᠪᠠᠶᠢᠨ᠎ᠠ᠃ ᠰᠢᠭᠡᠰᠦ ᠪᠠᠭ᠎ᠠ / ᠰᠢᠭᠡᠰᠦ ᠦᠭᠡᠢ ᠡᠪᠡᠳᠴᠢᠲᠡᠨ ᠬᠡᠷᠪᠡ ᠤᠰᠤ ᠠᠷᠪᠢᠨ ᠤᠤᠭᠤᠪᠠᠯ ᠤᠰᠤ ᠬᠤᠷᠠᠵᠤ᠂ ᠵᠢᠷᠦᠬᠡ᠂ ᠪᠥᠭᠡᠷ᠎ᠡ ᠶᠢᠨ ᠳᠠᠷᠤᠭᠠᠰᠤ ᠶᠢ ᠬᠦᠨᠳᠦᠷᠡᠭᠦᠯᠵᠦ᠂ ᠡᠪᠡᠳᠴᠢᠨ ᠤ ᠪᠠᠶᠢᠳᠠᠯ ᠢ ᠬᠦᠨᠳᠦᠷᠡᠭᠦᠯᠦᠨ᠎ᠡ᠃ ᠤᠰᠤᠨ ᠬᠠᠪᠤᠩ ᠡᠪᠡᠳᠴᠢᠲᠡᠨ ᠳᠤ ᠤᠤᠯ ᠠᠴᠠ ᠪᠠᠨ ᠤᠰᠤ ᠵᠣᠭᠰᠣᠩᠭᠢᠷᠠᠬᠤ ᠪᠠᠶᠢᠳᠠᠯ ᠢᠯᠡᠷᠡᠵᠦ᠂ ᠤᠰᠤ ᠶᠡᠭᠡ ᠤᠤᠭᠤᠪᠠᠯ ᠡᠪᠡᠳᠴᠢᠨ ᠤ ᠪᠠᠶᠢᠳᠠᠯ ᠢ ᠬᠦᠨᠳᠦᠷᠡᠭᠦᠯᠦᠨ᠎ᠡ᠃ ᠨᠡᠪᠲᠡᠷᠡᠭᠦᠯᠦᠨ ᠢᠯᠭᠠᠷᠠᠭᠤᠯᠬᠤ ᠡᠪᠡᠳᠴᠢᠲᠡᠨ ᠥᠪᠡᠷ ᠤᠨ ᠪᠡᠶ᠎ᠡ ᠶᠢᠨ ᠬᠦᠨᠳᠦ ᠶᠢᠨ ᠬᠤᠪᠢᠷᠠᠯᠲᠠ ᠪᠠᠨ ᠦᠨᠳᠦᠰᠦᠯᠡᠨ ᠤᠤᠭᠤᠬᠤ ᠤᠰᠤᠨ ᠤ ᠬᠡᠮᠵᠢᠶ᠎ᠡ ᠪᠠᠨ ᠲᠣᠬᠢᠷᠠᠭᠤᠯᠤᠨ᠎ᠠ᠃ ᠡᠪᠡᠳᠴᠢᠲᠡᠨ ᠬᠤᠶᠠᠷ ᠤᠳᠠᠭ᠎ᠠ ᠨᠡᠪᠴᠢᠭᠦᠯᠦᠨ ᠢᠯᠭᠠᠷᠠᠭᠤᠯᠬᠤ ᠬᠤᠭᠤᠴᠠᠭᠠᠨ ᠳᠤ ᠪᠡᠶ᠎ᠡ ᠶᠢᠨ ᠬᠦᠨᠳᠦ ᠶᠢᠨ ᠥᠰᠥᠯᠲᠡ ᠶᠢ 5% ᠠᠴᠠ ᠬᠡᠲᠦᠷᠡᠭᠦᠯᠵᠦ    ᠪᠥᠭᠡᠷᠡᠨ ᠤ ᠴᠢᠯᠠᠭᠤᠵᠢᠮᠠᠯ᠂ ᠰᠢᠭᠡᠰᠦᠨ ᠵᠠᠮ ᠤᠨ ᠬᠠᠯᠳᠠᠪᠤᠷᠢᠯᠠᠯ᠂ ᠰᠢᠭᠡᠰᠦᠨ ᠬᠦᠴᠢᠯ ᠥᠨᠳᠥᠷ ᠴᠢᠰᠤᠨ ᠭᠡᠮ ᠲᠠᠢ ᠡᠪᠡᠳᠴᠢᠲᠡᠨ ᠳᠤ ᠢᠯᠡᠭᠦᠦ ᠤᠰᠤ ᠤᠤᠭᠤᠯᠭᠠᠨ᠎ᠠ᠃ ᠤᠰᠤ ᠠᠷᠪᠢᠨ ᠤᠤᠭᠤᠪᠠᠯ ᠰᠢᠭᠡᠰᠦ ᠰᠢᠭᠦᠷᠡᠭᠦᠯᠬᠦ ᠰᠢᠰᠲ᠋ᠧᠮ ᠤᠨ ᠴᠢᠯᠠᠭᠤᠰᠢᠷᠠᠯ ᠡᠭᠦᠰᠬᠦ ᠶᠢ ᠤᠷᠢᠳᠴᠢᠯᠠᠨ ᠰᠡᠷᠭᠡᠶᠢᠯᠡᠵᠦ᠂ ᠴᠢᠯᠠᠭᠤᠰᠢᠷᠠᠯ ᠳᠠᠬᠢᠨ ᠬᠥᠳᠡᠯᠬᠦ ᠶᠢ ᠰᠡᠷᠭᠡᠶᠢᠯᠡᠨ᠎ᠡ᠃ ᠰᠢᠭᠡᠰᠦᠨ ᠵᠠᠮ ᠤᠨ ᠬᠠᠯᠳᠠᠪᠤᠷᠢᠯᠠᠯ ᠳᠤ ᠨᠡᠷᠪᠡᠭᠳᠡᠭᠰᠡᠳ ᠶᠡᠭᠡ ᠬᠡᠮᠵᠢᠶ᠎ᠡ ᠪᠠᠷ ᠤᠰᠤ ᠤᠤᠭᠤᠪᠠᠯ ᠰᠢᠭᠡᠰᠦᠨ ᠵᠠᠮ ᠢ ᠤᠬᠢᠶᠠᠵᠤ᠂ ᠬᠠᠯᠳᠠᠪᠤᠷᠢᠯᠠᠯ ᠤᠨ ᠰᠢᠨᠵᠢ ᠲᠡᠮᠳᠡᠭ ᠢ ᠬᠥᠩᠭᠡᠷᠡᠭᠦᠯᠦᠨ᠎ᠡ᠃ ᠰᠢᠭᠡᠰᠦᠨ ᠬᠦᠴᠢᠯ ᠥᠨᠳᠥᠷ ᠴᠢᠰᠤᠨ ᠭᠡᠮ ᠲᠠᠢ ᠡᠪᠡᠳᠴᠢᠲᠡᠨ ᠢᠯᠡᠭᠦᠦ ᠤᠰᠤ ᠤᠤᠭᠤᠪᠠᠯ ᠰᠢᠭᠡᠰᠦᠨ ᠬᠦᠴᠢᠯ ᠤᠨ ᠢᠯᠭᠠᠷᠠᠯᠲᠠ ᠶᠢ ᠠᠬᠢᠭᠤᠯᠵᠤ᠂ ᠴᠢᠰᠤᠨ ᠰᠢᠭᠡᠰᠦᠨ ᠬᠦᠴᠢᠯ ᠤᠨ ᠬᠡᠮᠵᠢᠶ᠎ᠡ ᠶᠢ ᠪᠠᠭᠤᠷᠠᠭᠤᠯᠤᠨ᠎ᠠ᠃                               ᠢᠷᠡᠯᠲᠡ᠄  ᠡᠷᠡᠭᠦᠯ ᠴᠢᠬᠢᠷᠠᠭ ᠳᠤᠮᠳᠠᠳᠦ ᠤᠯᠤᠰ                               ᠤᠷᠴᠢᠭᠤᠯᠤᠭᠴᠢ᠄ ᠮᠥᠩᠭᠦᠨᠰᠤᠶᠢᠬᠡ                               ᠬᠢᠨᠠᠨ ᠬᠠᠷᠭᠤᠭᠤᠯᠤᠭᠴᠢ᠄ ᠮᠥᠩᠭᠦᠨᠰᠤᠶᠢᠬᠡ
 
ᠢᠷᠡᠯᠲᠡ᠄ ᠡᠷᠡᠭᠦᠯ ᠴᠢᠬᠢᠷᠠᠭ ᠳᠤᠮᠳᠠᠳᠤ ᠤᠯᠤᠰ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3