1. ᠬᠥᠮᠦᠨ ᠪᠣᠯᠭᠠᠨ ᠪᠦᠷ ᠲᠣᠬᠢᠷᠠᠮᠵᠢᠲᠠᠢ ᠤᠤᠭᠤᠬᠤ ᠤᠰᠤᠨ ᠤ ᠬᠡᠮᠵᠢᠶ᠎ᠡ ᠲᠠᠢ | ᠶᠠᠮᠠᠷ ᠴᠤ ᠶᠠᠪᠤᠳᠠᠯ ᠳᠤ ᠴᠥᠮ ᠲᠣᠬᠢᠷᠠᠮᠵᠢᠲᠠᠶ ᠪᠠᠶᠢᠬᠤ ᠬᠡᠷᠡᠭᠲᠡᠶ᠂ ᠤᠰᠤ ᠤᠤᠭᠤᠬᠤ ᠳᠠᠭᠠᠨ ᠴᠤ ᠡᠶᠢᠮᠦ | ᠪᠠᠶᠢᠬᠤ ᠬᠡᠷᠡᠭᠲᠡᠶ᠃ ᠪᠢᠳᠡ ᠤᠰᠤ ᠠᠷᠪᠢᠨ ᠤᠤᠭᠤᠬᠤ ᠶᠢ ᠡᠷᠬᠢᠮᠯᠡᠨ᠎ᠡ᠂ ᠭᠡᠪᠡᠴᠦ ᠬᠡᠮᠵᠢᠶ᠎ᠡ ᠬᠢᠵᠠᠭᠠᠷ ᠦᠭᠡᠢ ᠪᠠᠷ | ᠤᠰᠤ ᠤᠤᠭᠤᠬᠤ ᠪᠢᠰᠢ᠃ | ᠡᠳᠦᠷ ᠲᠤᠲᠤᠮ ᠤᠨ ᠤᠤᠭᠤᠬᠤ ᠤᠰᠤᠨ ᠤ ᠬᠡᠮᠵᠢᠶ᠎ᠡ ᠶᠢ ᠨᠠᠰᠤ ᠵᠢᠯ᠂ ᠠᠭᠠᠷ ᠤᠨ ᠳᠤᠯᠠᠭᠠᠨ᠂ ᠬᠥᠳᠡᠯᠮᠦᠷᠢ | ᠪᠤᠶᠤ ᠬᠥᠳᠡᠯᠭᠡᠭᠡᠨ᠂ ᠬᠥᠯᠥᠰᠥ ᠭᠠᠷᠬᠤ ᠬᠡᠮᠵᠢᠶ᠎ᠡ ᠵᠡᠷᠭᠡ ᠶᠢ ᠦᠨᠳᠦᠰᠦᠯᠡᠨ ᠵᠣᠬᠢᠬᠤ ᠬᠡᠮᠵᠢᠶ᠎ᠡ ᠪᠠᠷ ᠨᠡᠮᠡᠵᠦ | ᠬᠠᠰᠤᠨ᠎ᠠ᠃ ᠠᠳᠠᠯᠢ ᠪᠤᠰᠤ ᠨᠠᠰᠤᠨ ᠤ ᠦᠶ᠎ᠡ ᠶᠢᠨ ᠤᠤᠭᠤᠬᠤ ᠤᠰᠤᠨ ᠤ ᠬᠡᠮᠵᠢᠶ᠎ᠡ ᠨᠢ ᠴᠦ ᠠᠳᠠᠯᠢ ᠦᠭᠡᠢ | ᠪᠠᠶᠢᠳᠠᠭ᠃ ︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠵᠢᠭᠠᠯᠲᠠ ︵2022︶︾ | ᠳᠤ ᠰᠠᠨᠠᠭᠤᠯᠤᠭᠰᠠᠨ ᠨᠢ᠂ ᠳᠤᠯᠠᠭᠠᠨ ᠠᠭᠤᠷ ᠠᠮᠢᠰᠬᠤᠯ ᠤᠨ ᠨᠥᠬᠦᠴᠡᠯ ᠳᠣᠤᠷ᠎ᠠ᠂ ᠪᠡᠶ᠎ᠡ ᠶᠢᠨ ᠬᠥᠳᠡᠯᠭᠡᠭᠡᠨ ᠤ | ᠬᠢᠷᠢ ᠲᠦᠪᠰᠢᠨ ᠳᠣᠤᠷ᠎ᠠ ᠨᠠᠰᠤᠨ ᠳᠤ ᠭᠦᠷᠦᠭᠰᠡᠨ ᠡᠷᠡᠭᠲᠡᠶᠢᠴᠦᠳ ᠤᠨ ᠡᠳᠦᠷ ᠪᠦᠷᠢ ᠶᠢᠨ ᠬᠡᠷᠡᠭᠯᠡᠬᠦ ᠤᠰᠤᠨ ᠤ | ᠬᠡᠮᠵᠢᠶ᠎ᠡ ᠶᠢ 1700 ᠮᠢᠯᠢᠯᠢᠲᠷ ᠪᠠᠶᠢᠯᠭᠠᠨ᠎ᠠ︔ ᠡᠮᠡᠭᠲᠡᠶ ᠬᠥᠮᠦᠨ ᠤ ᠡᠳᠦᠷ ᠪᠦᠷᠢ ᠶᠢᠨ ᠬᠡᠷᠡᠭᠯᠡᠬᠦ ᠤᠰᠤᠨ ᠤ | ᠬᠡᠮᠵᠢᠶ᠎ᠡ ᠨᠢ 1500 ᠮᠢᠯᠢᠯᠢᠳ᠋ᠷ ᠪᠠᠶᠢᠳᠠᠭ᠃ ᠪᠢᠳᠡ ᠪᠠᠰᠠ ᠲᠣᠮᠢᠶ᠎ᠠ ᠪᠠᠷ ᠪᠤᠳᠤᠵᠤ ᠪᠣᠯᠤᠨ᠎ᠠ᠄ ᠪᠡᠶ᠎ᠡ ᠶᠢᠨ ᠬᠦᠨᠳᠦ | ︵ᠺᠢᠯᠣᠭ᠍ᠷᠠᠮ︶ × 0.03= ᠡᠳᠦᠷ ᠪᠦᠷᠢ ᠶᠢᠨ ᠤᠤᠭᠤᠬᠤ ᠤᠰᠤᠨ ᠤ ᠡᠷᠡᠭᠦᠯ ᠬᠡᠮᠵᠢᠶ᠎ᠡ ︵ᠯᠢᠲᠷ︶᠃ | ᠤᠰᠤ ᠤᠤᠭᠤᠬᠤ ᠳᠤ ᠬᠠᠮᠤᠭ ᠤᠨ ᠰᠠᠶᠢᠨ ᠴᠠᠭ ᠭᠡᠵᠦ ᠪᠠᠶᠢᠬᠤ ᠦᠭᠡᠢ᠂ ᠶᠠᠮᠠᠷ ᠴᠠᠭ ᠲᠤ ᠴᠤ ᠪᠦᠷ ᠪᠣᠯᠤᠨ᠎ᠠ | ᠂ ᠪᠠᠭ᠎ᠠ ᠬᠡᠮᠵᠢᠶ᠎ᠡ ᠪᠠᠷ ᠤᠯᠠᠨ ᠤᠳᠠᠭ᠎ᠠ ᠤᠤᠭᠤᠬᠤ ᠵᠠᠷᠴᠢᠮ ᠢ ᠵᠢᠷᠤᠮᠯᠠᠬᠤ ᠶᠢ ᠰᠠᠨᠠᠭᠤᠯᠤᠶ᠎ᠠ᠃ ᠬᠥᠯᠥᠰᠥ ᠠᠷᠪᠢᠨ | ᠭᠠᠷᠬᠤ ᠦᠶ᠎ᠡ ᠳᠤ ᠵᠣᠬᠢᠬᠤ ᠬᠡᠮᠵᠢᠶ᠎ᠡ ᠪᠠᠷ ᠳᠠᠪᠤᠰᠤ ᠲᠠᠢ ᠤᠰᠤ ᠶᠢ ᠨᠥᠬᠦᠪᠥᠷᠢᠯᠡᠵᠦ ᠪᠣᠯᠤᠨ᠎ᠠ᠃ ᠤᠳᠠᠭᠠᠨ | ᠴᠢᠨᠠᠷᠲᠠᠶ ᠪᠥᠭᠡᠷᠡᠨ ᠡᠪᠡᠳᠴᠢᠨ ᠲᠠᠢ ᠡᠪᠡᠳᠴᠢᠲᠡᠨ᠂ ᠵᠢᠷᠦᠬᠡ ᠴᠢᠰᠤᠨ ᠰᠤᠳᠠᠯ ᠤᠨ ᠡᠪᠡᠳᠴᠢᠨ ᠲᠠᠢ ᠡᠪᠡᠳᠴᠢᠲᠡᠨ | ᠡᠮᠴᠢ ᠠᠴᠠ ᠠᠰᠠᠭᠤᠨ ᠯᠠᠪᠯᠠᠭᠰᠠᠨ ᠤ ᠳᠠᠷᠠᠭ᠎ᠠ᠂ ᠤᠤᠭᠤᠬᠤ ᠤᠰᠤᠨ ᠤ ᠬᠡᠮᠵᠢᠶ᠎ᠡ ᠶᠢ ᠵᠣᠬᠢᠰᠲᠠᠶ ᠬᠢᠵᠠᠭᠠᠷᠯᠠᠨ᠎ᠠ᠃ | 2. ᠬᠡᠲᠦᠷᠬᠡᠢ ᠠᠷᠪᠢᠨ ᠤᠤᠭᠤᠬᠤ ᠬᠡᠲᠦᠷᠬᠡᠢ ᠪᠠᠭ᠎ᠠ ᠪᠣᠯᠤᠭᠰᠠᠨ ᠴᠤ ᠪᠡᠶ᠎ᠡ ᠳᠤ ᠬᠤᠣᠷ ᠲᠠᠢ | ᠬᠥᠮᠦᠨ ᠤ ᠪᠡᠶ᠎ᠡ ᠶᠢᠨ ᠳᠣᠲᠣᠷᠠᠬᠢ ᠤᠰᠤ ᠬᠡᠲᠦᠷᠬᠡᠶ ᠪᠠᠭ᠎ᠠ ᠪᠣᠯᠪᠠᠯ ᠠᠮᠠᠷᠬᠠᠨ ᠪᠡᠶ᠎ᠡ ᠠᠳᠠᠯᠢ ᠪᠤᠰᠤ | ᠬᠡᠮᠵᠢᠶ᠎ᠡ ᠪᠠᠷ ᠤᠰᠤ ᠠᠯᠳᠠᠵᠤ᠂ ᠬᠥᠩᠭᠡᠨ ᠨᠢ ᠤᠮᠳᠠᠭᠠᠰᠬᠤ᠂ ᠢᠳᠡᠭᠡᠨ ᠤ ᠳᠤᠷᠠᠰᠢᠯ ᠦᠭᠡᠶ ᠪᠣᠯᠬᠤ᠂ ᠬᠦᠨᠳᠦ ᠨᠢ | ᠬᠥᠳᠡᠯᠭᠡᠭᠡᠨ ᠤ ᠴᠢᠳᠠᠪᠤᠷᠢ ᠮᠠᠭᠤᠳᠠᠬᠤ᠂ ᠠᠩᠬᠠᠷᠤᠯ ᠮᠠᠭᠤᠳᠠᠬᠤ᠂ ᠮᠠᠩᠰᠢᠭᠤᠷᠠᠬᠤ ᠵᠡᠷᠭᠡ ᠪᠠᠶᠢᠳᠠᠯ ᠢᠯᠡᠷᠡᠨ᠎ᠡ᠃ | ᠤᠷᠲᠤ ᠬᠤᠭᠤᠴᠠᠭ᠎ᠠ ᠪᠠᠷ ᠤᠰᠤᠨ ᠤ ᠰᠢᠩᠭᠡᠭᠡᠯᠲᠡ ᠶᠢᠨ ᠬᠡᠮᠵᠢᠶ᠎ᠡ ᠬᠦᠷᠦᠯᠴᠡᠬᠦ ᠦᠭᠡᠢ ᠪᠣᠯ ᠰᠢᠭᠡᠰᠦ | ᠢᠯᠭᠠᠷᠠᠭᠤᠯᠬᠤ ᠰᠢᠰᠲ᠋ᠧᠮ ᠤᠨ ᠴᠢᠯᠠᠭᠤᠰᠢᠷᠠᠯ᠂ ᠬᠠᠪᠤᠳᠠᠷ ᠲᠤ ᠨᠡᠷᠪᠡᠭᠳᠡᠬᠦ ᠲᠦᠭᠰᠢᠭᠦᠷᠢ ᠶᠢ ᠨᠡᠮᠡᠭᠳᠡᠭᠦᠯᠦᠨ᠎ᠡ᠃ | ᠤᠰᠤ ᠨᠥᠬᠦᠪᠥᠷᠢᠯᠡᠬᠦ ᠳᠤ ᠬᠡᠲᠦᠷᠬᠡᠶ ᠠᠷᠪᠢᠨ᠂ ᠬᠡᠲᠦᠷᠬᠡᠶ ᠬᠤᠷᠳᠤᠨ ᠪᠠᠶᠢᠵᠤ ᠪᠣᠯᠬᠤ ᠦᠭᠡᠢ᠂ ᠬᠡᠷᠪᠡ | ᠪᠥᠭᠡᠷᠡᠨ ᠤ ᠭᠠᠳᠠᠭᠰᠢᠯᠠᠬᠤ ᠬᠤᠷᠳᠤᠴᠠ ᠠᠴᠠ ᠬᠡᠲᠦᠷᠡᠪᠡᠯ ᠤᠰᠤᠨ ᠳᠤ ᠬᠤᠣᠷᠳᠠᠭᠳᠠᠬᠤ ᠡᠪᠡᠳᠴᠢᠨ ᠤ ᠢᠯᠡᠷᠡᠯ ᠢ | ᠡᠭᠦᠰᠭᠡᠨ᠎ᠡ᠂ ᠡᠭᠦᠨ ᠳᠤ ᠡᠰ ᠤᠨ ᠤᠰᠤᠨ ᠬᠠᠪᠤᠩ᠂ ᠴᠢᠰᠤᠨ ᠤ ᠨᠠᠲᠷᠢ ᠶᠢᠨ ᠥᠳᠬᠡᠴᠡ ᠬᠡᠳᠦ ᠳᠣᠣᠷ᠎ᠠ᠂ | ᠲᠠᠷᠢᠬᠢᠨ ᠤ ᠳᠠᠷᠤᠯᠲᠠ ᠳᠡᠭᠡᠭᠰᠢᠯᠡᠬᠦ᠂ ᠠᠭᠤᠰᠬᠢᠨ ᠳᠤ ᠴᠢᠰᠤ ᠬᠤᠷᠠᠬᠤ᠂ ᠪᠥᠭᠡᠷ᠎ᠡ ᠶᠢᠨ ᠭᠡᠮᠲᠦᠯ᠂ ᠪᠤᠯᠴᠢᠩ | ᠮᠢᠬ᠎ᠠ ᠶᠢᠨ ᠭᠡᠮᠲᠦᠯ᠂ ᠴᠢᠨᠠᠭᠰᠢᠯᠠᠪᠠᠯ ᠠᠮᠢ ᠨᠠᠰᠤᠨ ᠤ ᠠᠶᠤᠯ ᠲᠠᠢ ᠵᠡᠷᠭᠡ ᠪᠠᠭᠲᠠᠨ᠎ᠠ᠃ | 3. ᠶᠠᠭᠠᠬᠢᠵᠤ ᠤᠰᠤ ᠤᠤᠭᠤᠵᠤ ᠭᠦᠢᠴᠡᠭᠰᠡᠨ ᠡᠰᠡᠬᠦ ᠶᠢ ᠮᠠᠭᠠᠳᠯᠠᠬᠤ ᠪᠤᠢ | ᠰᠢᠭᠡᠰᠦᠨ ᠤ ᠥᠩᠭᠡ ᠶᠢ ᠠᠵᠢᠭᠯᠠᠬᠤ ᠳᠤ ᠬᠡᠷᠪᠡ ᠭᠦᠶᠦᠭᠡᠨ ᠨᠢᠮᠪᠡᠭᠡ ᠶᠢᠨ ᠥᠩᠭᠡ ᠲᠠᠢ ᠪᠣᠯ ᠪᠡᠶ᠎ᠡ ᠶᠢᠨ | ᠳᠣᠲᠣᠷᠠᠬᠢ ᠤᠰᠤᠨ ᠤ ᠠᠭᠤᠯᠤᠭᠳᠠᠴᠠ ᠬᠠᠮᠤᠭ ᠰᠠᠶᠢᠨ ᠪᠠᠶᠢᠳᠠᠯ ᠳᠤ ᠪᠠᠶᠢᠬᠤ ᠶᠢ ᠬᠠᠷᠠᠭᠤᠯᠵᠤ ᠪᠠᠶᠢᠨ᠎ᠠ᠃ ᠬᠡᠷᠪᠡ | ᠥᠳᠬᠡᠨ ᠮᠥᠷ ᠨᠢ ᠥᠩᠭᠡ ᠦᠭᠡᠢ ᠪᠣᠯ ᠤᠰᠤᠨ ᠤ ᠰᠢᠩᠭᠡᠭᠡᠯᠲᠡ ᠶᠢ ᠵᠣᠬᠢᠬᠤ ᠬᠡᠮᠵᠢᠶ᠎ᠡ ᠪᠠᠷ ᠪᠠᠭᠠᠰᠬᠠᠨ᠎ᠠ᠃ ᠬᠡᠷᠪᠡ | ᠥᠳᠬᠡᠨ ᠮᠥᠷ ᠨᠢ ᠬᠦᠷᠡᠩ ᠰᠢᠷ᠎ᠠ ᠥᠩᠭᠡ ᠲᠠᠢ ᠪᠣᠯ ᠴᠠᠭ ᠲᠤᠬᠠᠶ ᠳᠤᠨᠢ ᠤᠰᠤ ᠨᠥᠬᠦᠬᠦ ᠬᠡᠷᠡᠭᠲᠡᠶ᠃ | ᠰᠢᠭᠡᠬᠦ ᠤᠳᠠᠭ᠎ᠠ ᠶᠢ ᠪᠤᠳᠤᠬᠤ ᠪᠠ ᠰᠢᠭᠡᠬᠦ ᠤᠳᠠᠭ᠎ᠠ ᠶᠢ ᠬᠡᠮᠵᠢᠬᠦ ᠪᠠ ᠰᠢᠭᠡᠬᠦ ᠬᠡᠮᠵᠢᠶ᠎ᠡ ᠶᠢ ᠬᠡᠮᠵᠢᠬᠦ ᠨᠢ | ᠤᠰᠤᠨ ᠤ ᠰᠢᠩᠭᠡᠭᠡᠯᠲᠡ ᠶᠢᠨ ᠬᠡᠮᠵᠢᠶ᠎ᠡ ᠲᠠᠢ ᠨᠢᠭᠲᠠ ᠬᠠᠷᠢᠴᠠᠭ᠎ᠠ ᠲᠠᠢ ᠪᠠᠶᠢᠳᠠᠭ᠃ ᠶᠡᠷᠦ ᠳᠡᠭᠡᠨ ᠡᠷᠡᠭᠦᠯ ᠴᠢᠭᠢᠷᠠᠭ | ᠨᠠᠰᠤᠨ ᠳᠤ ᠬᠦᠷᠦᠭᠰᠡᠳ ᠤᠨ ᠡᠳᠦᠷ ᠪᠦᠷᠢ ᠶᠢᠨ ᠰᠢᠭᠡᠬᠦ ᠲᠤᠭ᠎ᠠ ᠨᠢ 4~8 ᠤᠳᠠᠭ᠎ᠠ᠂ ᠡᠳᠦᠷ ᠪᠦᠷᠢ ᠶᠢᠨ ᠰᠢᠭᠡᠬᠦ | ᠬᠡᠮᠵᠢᠶ᠎ᠡ ᠨᠢ 1000~1500 ᠮᠢᠯᠢᠯᠢᠳ᠋ᠷ ᠪᠠᠶᠢᠳᠠᠭ᠃ ᠬᠡᠷᠪᠡ ᠡᠩ ᠤᠨ ᠦᠶ᠎ᠡ ᠳᠤ ᠡᠳᠡᠭᠡᠷ ᠲᠤᠭ᠎ᠠ | ᠬᠡᠮᠵᠢᠭᠳᠡᠯ ᠠᠴᠠ ᠳᠣᠣᠷ᠎ᠠ ᠪᠠᠶᠢᠪᠠᠯ ᠳᠠᠷᠤᠶ ᠤᠰᠤ ᠤᠤᠭᠤᠬᠤ ᠬᠡᠷᠡᠭᠲᠡᠶ ᠭᠡᠰᠡᠨ ᠦᠭᠡ ᠪᠣᠯᠤᠨ᠎ᠠ᠃ | 4. ᠵᠠᠷᠢᠮ ᠡᠮ ᠢ ᠢᠳᠡᠵᠦ ᠪᠠᠷᠠᠭᠰᠠᠨ ᠤ ᠳᠠᠷᠠᠭ᠎ᠠ ᠪᠠᠭ᠎ᠠ ᠤᠰᠤ ᠤᠤᠭᠤ | ᠬᠢᠯᠭᠠᠰᠤᠨ ᠰᠤᠳᠠᠯ ᠤᠨ ᠡᠮ ᠤᠨ ᠰᠢᠩᠭᠡᠭᠡᠯᠲᠡ ᠶᠢ ᠨᠥᠯᠥᠭᠡᠯᠡᠬᠦ ᠠᠴᠠ ᠵᠠᠶᠢᠯᠠᠰᠬᠢᠬᠦ ᠶᠢᠨ ᠲᠥᠯᠥᠭᠡ᠂ ᠡᠮ | ᠤᠤᠭᠤᠬᠤ ᠳᠤ ᠬᠡᠯᠡᠨ ᠳᠣᠣᠷ᠎ᠠ ᠪᠠᠨ ᠤᠤᠭᠤᠬᠤ ᠴᠢᠬᠤᠯᠠ ᠲᠠᠢ ᠡᠮ ᠢ ᠤᠤᠭᠤᠭᠰᠠᠨ ᠤ ᠳᠠᠷᠠᠭ᠎ᠠ 30 ᠮᠢᠨᠦ᠋ᠲ ᠤᠨ | ᠳᠣᠲᠣᠷ᠎ᠠ ᠤᠰᠤ ᠤᠤᠭᠤᠵᠤ ᠪᠣᠯᠬᠤ ᠦᠭᠡᠢ᠃ | ᠬᠠᠨᠢᠶᠠᠳᠤ ᠶᠢ ᠵᠣᠭᠰᠣᠭᠠᠬᠤ ᠡᠮ ᠳᠤ ᠬᠠᠨᠢᠶᠠᠳᠤ ᠶᠢ ᠵᠣᠭᠰᠣᠭᠠᠬᠤ ᠡᠮ ᠢ ᠤᠤᠭᠤᠭᠰᠠᠨ ᠤ ᠳᠠᠷᠠᠭ᠎ᠠ 10 | ᠮᠢᠨᠦ᠋ᠲ ᠤᠨ ᠳᠣᠲᠣᠷ᠎ᠠ ᠤᠰᠤ ᠤᠤᠭᠤᠵᠤ ᠪᠣᠯᠬᠤ ᠦᠭᠡᠢ᠃ | ᠬᠤᠳᠣᠭᠤᠳᠣ ᠭᠡᠳᠡᠰᠦᠨ ᠤ ᠡᠪᠡᠳᠴᠢᠨ ᠤ ᠡᠮ ᠬᠤᠳᠣᠭᠤᠳᠣ ᠭᠡᠳᠡᠰᠦᠨ ᠤ ᠡᠪᠡᠳᠴᠢᠨ ᠤ ᠡᠮ ᠢ | ᠤᠤᠭᠤᠭᠰᠠᠨ ᠤ ᠳᠠᠷᠠᠭ᠎ᠠ ᠨᠢᠭᠡ ᠴᠠᠭ ᠤᠨ ᠳᠣᠲᠣᠷ᠎ᠠ ᠠᠯᠢ ᠴᠢᠳᠠᠬᠤ ᠪᠠᠷ ᠪᠠᠭ᠎ᠠ ᠤᠰᠤ ᠤᠤᠭᠤᠨ᠎ᠠ᠃ | ᠠᠮᠠ ᠵᠠᠶᠢᠯᠬᠤ ᠡᠮ ᠢ ᠠᠮᠠᠨ ᠤ ᠬᠥᠨᠳᠡᠶ ᠳᠤ ᠵᠣᠬᠢᠬᠤ ᠥᠳᠬᠡᠴᠡ ᠲᠠᠢ ᠪᠠᠶᠢᠯᠭᠠᠬᠤ ᠶᠢ ᠪᠠᠲᠤᠯᠠᠬᠤ ᠶᠢᠨ | ᠲᠥᠯᠥᠭᠡ᠂ ᠡᠮ ᠬᠡᠷᠡᠭᠯᠡᠭᠰᠡᠨ ᠤ ᠳᠠᠷᠠᠭ᠎ᠠ ᠳᠠᠷᠦ᠋ᠢᠬᠠᠨ ᠤᠰᠤ ᠤᠤᠭᠤᠵᠤ ᠪᠣᠯᠬᠤ ᠦᠭᠡᠢ᠃ | ᠡᠩ ᠤᠨ ᠪᠠᠶᠢᠳᠠᠯ ᠳᠣᠣᠷ᠎ᠠ᠂ ᠪᠦᠯᠢᠶᠡᠨ ᠤᠰᠤ ᠪᠠᠷ ᠡᠮ ᠢ ᠬᠦᠷᠭᠡᠨ᠎ᠡ᠂ ᠭᠡᠪᠡᠴᠦ ᠸᠢᠲ᠋ᠠᠮᠢᠨ᠂ ᠰᠢᠩᠭᠡᠭᠡᠯᠲᠡ ᠶᠢ | ᠰᠠᠶᠢᠵᠢᠷᠠᠭᠤᠯᠬᠤ ᠡᠮ ᠵᠢᠴᠢ ᠵᠠᠷᠢᠮ ᠢᠳᠡᠪᠬᠢ ᠪᠠᠺᠲ᠋ᠧᠷᠢ ᠶᠢᠨ ᠲᠥᠷᠥᠯ ᠤᠨ ᠡᠮ ᠢ ᠤᠰᠤᠨ ᠤ ᠬᠠᠯᠠᠭᠤᠨ ᠤ | ᠬᠡᠮᠵᠢᠶ᠎ᠡ ᠨᠢ 40 ᠼᠧᠯᠰ ᠤᠨ ᠭᠷᠠᠳᠦ᠋ᠰ ᠠᠴᠠ ᠳᠣᠣᠷ᠎ᠠ ᠪᠠᠶᠢᠬᠤ ᠬᠦᠢᠲᠡᠨ ᠴᠠᠭᠠᠨ ᠢᠶᠠᠷ ᠬᠦᠷᠭᠡᠵᠦ ᠤᠤᠭᠤᠯᠭᠠᠨ᠎ᠠ᠃ | 5. ᠶᠠᠮᠠᠷ ᠪᠠᠶᠢᠳᠠᠯ ᠳᠣᠣᠷ᠎ᠠ ᠢᠯᠡᠭᠦᠦ ᠤᠰᠤ ᠤᠤᠭᠤᠬᠤ ᠬᠡᠷᠡᠭᠲᠡᠢ ᠪᠣᠢ | ᠬᠤᠷᠭᠤᠰᠣᠯᠠᠬᠤ ᠪᠡᠶ᠎ᠡ ᠳᠤ ᠤᠰᠤ ᠳᠤᠲᠠᠭᠳᠠᠬᠤ ᠦᠶ᠎ᠡ ᠳᠤ᠂ ᠪᠠᠭᠠᠰᠤᠨ ᠳᠠᠬᠢ ᠤᠰᠤ ᠨᠢ ᠪᠠᠰᠠ ᠪᠠᠭᠠᠰᠤᠨ᠎ᠠ᠂ | ᠡᠭᠦᠨ ᠤ ᠤᠯᠠᠮ ᠠᠴᠠ ᠪᠠᠭᠠᠰᠤ ᠶᠢ ᠬᠠᠭᠤᠷᠠᠶᠢᠳᠠᠭᠤᠯᠬᠤ ᠪᠤᠶᠤ ᠴᠢᠨᠠᠭᠰᠢᠯᠠᠪᠠᠯ ᠬᠤᠷᠭᠤᠰᠣᠯᠠᠬᠤ ᠳᠤ ᠬᠦᠷᠦᠭᠦᠯᠦᠨ᠎ᠡ᠃ | ᠬᠡᠷᠪᠡ ᠤᠰᠤ ᠳᠤᠲᠠᠭᠳᠠᠭᠰᠠᠨ ᠠᠴᠠ ᠪᠣᠯᠵᠤ ᠪᠠᠭ᠎ᠠ ᠬᠡᠮᠵᠢᠶᠡᠨ ᠤ ᠬᠤᠷᠭᠤᠰᠣ ᠬᠠᠲᠠᠪᠠᠯ᠂ ᠶᠡᠭᠡ ᠬᠡᠮᠵᠢᠶᠡᠨ ᠤ | ᠤᠰᠤ ᠤᠤᠭᠤᠪᠠᠯ ᠵᠣᠬᠢᠬᠤ ᠬᠡᠮᠵᠢᠶ᠎ᠡ ᠪᠠᠷ ᠨᠠᠮᠵᠢᠳᠠᠭ᠃ ᠤᠰᠤ ᠤᠤᠭᠤᠬᠤ ᠳᠠᠭᠠᠨ ᠵᠠᠪᠠᠯ ᠶᠡᠭᠡ ᠠᠮᠠ ᠪᠠᠷ | ᠤᠤᠭᠤᠵᠤ᠂ ᠲᠦᠷᠭᠡᠨ ᠵᠠᠯᠭᠢᠵᠤ᠂ ᠭᠡᠳᠡᠰᠦᠨ ᠤ ᠭᠦᠷᠪᠡᠯᠵᠡᠬᠦ ᠬᠥᠳᠡᠯᠭᠡᠭᠡᠨ ᠳᠤ ᠰᠡᠳᠦᠯᠲᠡ ᠥᠭᠴᠦ᠂ | ᠬᠤᠷᠭᠤᠰᠣᠯᠠᠬᠤ ᠡᠪᠡᠳᠴᠢᠨ ᠤ ᠢᠯᠡᠷᠡᠯ ᠢ ᠬᠥᠩᠭᠡᠷᠡᠭᠦᠯᠦᠨ᠎ᠡ᠃ | ᠲᠤᠯᠠᠢ ᠡᠪᠡᠳᠴᠢᠨ ᠳᠤ ᠤᠰᠤ ᠠᠷᠪᠢᠨ ᠤᠤᠭᠤᠵᠤ᠂ ᠢᠯᠡᠭᠦᠦ ᠰᠢᠭᠡᠬᠦ ᠨᠢ ᠰᠢᠭᠡᠰᠦᠨ ᠬᠦᠴᠢᠯ ᠤᠨ | ᠭᠠᠳᠠᠭᠰᠢᠯᠠᠬᠤ ᠳᠤ ᠲᠤᠰᠠᠲᠠᠢ᠂ ᠲᠤᠯᠠᠢ ᠡᠪᠡᠳᠴᠢᠨ ᠤ ᠢᠯᠡᠷᠡᠯ ᠢ ᠨᠠᠮᠳᠠᠭᠤᠯᠤᠨ᠎ᠠ᠃ | ᠲᠠᠭᠰᠢᠭᠤᠷ ᠲᠤ ᠨᠡᠷᠪᠡᠭᠳᠡᠭᠰᠡᠨ ᠡᠪᠡᠳᠴᠢᠲᠡᠨ ᠡᠮ ᠤᠤᠭᠤᠭᠰᠠᠨ ᠤ ᠳᠠᠷᠠᠭ᠎ᠠ ᠣᠯᠠᠩᠬᠢ ᠳᠠᠭᠠᠨ ᠬᠥᠯᠥᠰᠥ | ᠭᠠᠷᠬᠤ ᠪᠠᠶᠢᠳᠠᠯ ᠲᠠᠢ᠂ ᠤᠰᠤ ᠤᠤᠭᠤᠪᠠᠯ ᠪᠡᠶ᠎ᠡ ᠶᠢᠨ ᠳᠣᠲᠣᠷᠠᠬᠢ ᠤᠰᠤ ᠶᠢ ᠴᠠᠭ ᠲᠤᠬᠠᠶ ᠳᠤᠨᠢ ᠨᠥᠬᠦᠪᠥᠷᠢᠯᠡᠨ᠎ᠡ᠃ | ᠤᠰᠤ ᠠᠷᠪᠢᠨ ᠤᠤᠭᠤᠪᠠᠯ ᠴᠡᠷ ᠢ ᠰᠢᠩᠭᠡᠷᠡᠭᠦᠯᠵᠦ᠂ ᠴᠡᠷ ᠢ ᠭᠠᠳᠠᠭᠰᠢᠯᠠᠭᠤᠯᠬᠤ ᠳᠤ ᠠᠰᠢᠭᠲᠠᠶ᠃ | ᠮᠠᠷᠢᠶ᠎ᠠ ᠰᠢᠭᠤᠷᠠᠭᠤᠯᠬᠤ ᠬᠤᠭᠤᠯᠠᠨ ᠠᠴᠠ ᠡᠮᠦᠨ᠎ᠡ ᠬᠠᠭᠠᠰ ᠴᠠᠭ ᠤᠨ ᠡᠮᠦᠨ᠎ᠡ ᠨᠢᠭᠡ ᠴᠣᠮᠣ ᠤᠰᠤ ᠤᠤᠭᠤᠪᠠᠯ | ᠭᠡᠳᠡᠰᠦ ᠴᠠᠳᠬᠤᠯᠠᠩ ᠪᠣᠯᠵᠣ᠂ ᠢᠳᠡᠰᠢᠨ ᠤ ᠵᠦᠢᠯ ᠢ ᠪᠠᠭᠠᠰᠬᠠᠵᠤ ᠲᠠᠶᠢᠯᠤᠨ᠎ᠠ᠃ | ᠠᠷᠢᠬᠢᠨ ᠳᠤ ᠰᠣᠭᠲᠣᠭᠰᠠᠨ ᠰᠫᠢᠷᠲ ᠨᠢ ᠪᠡᠶ᠎ᠡ ᠶᠢᠨ ᠤᠰᠤ ᠠᠯᠳᠠᠬᠤ ᠶᠢ ᠲᠦᠷᠭᠡᠳᠬᠡᠳᠡᠭ᠃ ᠤᠰᠤ | ᠬᠡᠳᠦ᠋ᠢᠪᠡᠷ ᠠᠷᠢᠬᠢ ᠶᠢ ᠲᠠᠶᠢᠯᠵᠤ ᠳᠡᠶᠢᠯᠬᠦ ᠦᠭᠡᠢ ᠪᠣᠯᠪᠠᠴᠤ ᠪᠡᠶ᠎ᠡ ᠳᠤ ᠤᠰᠤ ᠨᠥᠬᠦᠪᠥᠷᠢᠯᠡᠵᠦ᠂ ᠤᠰᠤ | ᠠᠯᠳᠠᠬᠤ ᠠᠴᠠ ᠪᠣᠯᠤᠭᠰᠠᠨ ᠡᠯ᠎ᠡ ᠵᠦᠢᠯ ᠤᠨ ᠡᠪ ᠦᠭᠡᠢ ᠪᠠᠶᠢᠳᠠᠯ ᠢ ᠰᠡᠷᠭᠡᠶᠢᠯᠡᠨ᠎ᠡ᠃ | ᠲᠠᠷᠢᠬᠢ ᠪᠠᠨ ᠬᠥᠳᠡᠯᠭᠡᠬᠦ ᠳᠤ ᠬᠥᠮᠦᠨ ᠤ ᠪᠡᠶ᠎ᠡ ᠶᠢᠨ ᠬᠦᠨᠳᠦ ᠶᠢᠨ ᠢᠶᠠᠨ 2% ᠠᠴᠠ ᠳᠡᠭᠡᠭᠰᠢᠬᠢ ᠤᠰᠤ ᠶᠢ | ᠠᠯᠳᠠᠬᠤ ᠦᠶ᠎ᠡ ᠳᠤ᠂ ᠬᠠᠷᠠᠭ᠎ᠠ᠂ ᠴᠡᠭᠡᠵᠢᠯᠡᠬᠦ ᠴᠢᠳᠠᠪᠤᠷᠢ ᠪᠠ ᠠᠩᠬᠠᠷᠤᠯ ᠵᠢᠴᠢ ᠪᠤᠰᠤᠳ ᠲᠠᠨᠢᠨ ᠮᠡᠳᠡᠬᠦ | ᠴᠢᠳᠠᠪᠤᠷᠢ ᠨᠢ ᠪᠦᠷ ᠪᠠᠭᠤᠷᠠᠨ᠎ᠠ᠃ | 6. ᠵᠠᠷᠢᠮ ᠤᠰᠤ ᠶᠢ ᠤᠤᠭᠤᠵᠤ ᠪᠣᠯᠬᠤ ᠦᠭᠡᠢ᠃ | ᠳᠡᠯᠡᠬᠡᠶ ᠶᠢᠨ ᠡᠷᠡᠭᠦᠯ ᠬᠠᠮᠠᠭᠠᠯᠠᠯ ᠤᠨ ᠵᠣᠬᠢᠶᠠᠨ ᠪᠠᠶᠢᠭᠤᠯᠤᠯᠲᠠ᠂ ᠣᠯᠠᠨ ᠤᠯᠤᠰ ᠤᠨ ᠥᠮᠡᠨ ᠡᠪᠡᠳᠴᠢᠨ ᠤ | ᠪᠠᠶᠢᠭᠤᠯᠤᠮᠵᠢ ᠶᠢᠨ ᠬᠢᠨ ᠴᠥᠮ 65 ᠼᠧᠯᠰ ᠤᠨ ᠭᠷᠠᠳᠦ᠋ᠰ ᠠᠴᠠ ᠳᠡᠭᠡᠭᠰᠢᠬᠢ ᠬᠠᠯᠠᠭᠤᠨ ᠤᠮᠳᠠᠭᠠᠨ ᠤᠤᠭᠤᠪᠠᠯ | ᠤᠯᠠᠭᠠᠨ ᠬᠤᠭᠤᠯᠠᠶ ᠶᠢᠨ ᠥᠮᠡᠨ ᠳᠤ ᠨᠡᠷᠪᠡᠭᠳᠡᠬᠦ ᠲᠦᠭᠰᠢᠭᠦᠷᠢ ᠶᠢ ᠨᠡᠮᠡᠭᠳᠡᠭᠦᠯᠦᠨ᠎ᠡ ᠭᠡᠵᠦ ᠰᠠᠨᠠᠭᠤᠯᠵᠤ ᠥᠩᠭᠡᠷᠡᠭᠰᠡᠨ | ᠶᠤᠮ᠃ ᠡᠩ ᠤᠨ ᠪᠠᠶᠢᠳᠠᠯ ᠳᠤ ᠠᠪᠴᠤ ᠬᠡᠯᠡᠪᠡᠯ᠂ ᠰᠠᠶ᠋ᠢ ᠲᠣᠭᠤᠭᠠᠨ ᠠᠴᠠ ᠭᠠᠷᠤᠭᠰᠠᠨ ᠱᠥᠯᠥ᠂ ᠰᠠᠶ᠋ᠢ | ᠳᠡᠪᠲᠦᠭᠡᠭᠰᠡᠨ ᠺᠤᠹᠤ / ᠴᠠᠶ ᠤᠮᠳᠠᠭᠠᠨ ᠤ ᠳᠤᠯᠠᠭᠠᠨ ᠤ ᠬᠡᠮᠵᠢᠶ᠎ᠡ ᠨᠢ 80 ~ 95 ᠭᠷᠠᠳᠦ᠋ᠰ ᠪᠠᠶᠢᠳᠠᠭ᠂ ᠡᠨᠡ | ᠦᠶ᠎ᠡ ᠳᠤ ᠤᠤᠭᠤᠪᠠᠯ᠂ ᠠᠮᠠ ᠪᠠᠨ ᠬᠠᠯᠠᠭᠠᠬᠤ ᠪᠠᠷ ᠪᠠᠷᠠᠬᠤ ᠦᠭᠡᠶ᠂ ᠪᠠᠰᠠ ᠬᠠᠯᠠᠭᠠᠴᠢᠬᠠᠭᠠᠳ ᠡᠪᠡᠳᠴᠢᠨ | ᠣᠯᠤᠨ᠎ᠠ᠂ ᠡᠨᠡ ᠦᠶ᠎ᠡ ᠳᠤ ᠤᠤᠭᠤᠪᠠᠯ᠂ ᠠᠮᠠ ᠶᠢ ᠨᠢ ᠬᠠᠯᠠᠭᠠᠬᠤ ᠪᠠᠷ ᠪᠠᠷᠠᠬᠤ ᠦᠭᠡᠶ᠂ ᠬᠠᠯᠠᠭᠠᠴᠢᠬᠠᠭᠠᠳ | ᠡᠪᠡᠳᠴᠢᠨ ᠳᠤ ᠨᠡᠷᠪᠡᠭᠳᠡᠨ᠎ᠡ᠃ | ᠮᠠᠨ ᠤ ᠠᠮᠠᠨ ᠬᠥᠨᠳᠡᠶ᠂ ᠤᠯᠠᠭᠠᠨ ᠬᠤᠭᠤᠯᠠᠶ ᠶᠢᠨ ᠭᠠᠳᠠᠷᠭᠤ ᠳᠤ ᠪᠦᠷ ᠰᠠᠯᠢᠰᠤᠲᠤ ᠪᠦᠷᠬᠦᠪᠴᠢ ᠪᠠᠷ | ᠪᠦᠷᠬᠦᠵᠦ᠂ ᠢᠳᠡᠰᠢᠯᠡᠬᠦ ᠳᠤᠯᠠᠭᠠᠨ ᠤ ᠬᠡᠮᠵᠢᠶ᠎ᠡ ᠶᠢ 10~40 ᠭᠷᠠᠳᠦ᠋ᠰ ᠪᠠᠶᠢᠯᠭᠠᠵᠤ᠂ ᠬᠡᠪ ᠤᠨ ᠹᠢᠽᠢᠣᠯᠣᠭᠢ ᠶᠢᠨ | ᠠᠵᠢᠯᠯᠠᠭ᠎ᠠ ᠶᠢ ᠬᠠᠮᠠᠭᠠᠯᠠᠬᠤ ᠳᠤ ᠠᠰᠢᠭᠲᠠᠶ ᠪᠠᠶᠢᠳᠠᠭ᠃ ᠬᠤᠳᠣᠭᠤᠳᠣ ᠭᠡᠳᠡᠰᠦᠨ ᠤ ᠴᠢᠳᠠᠪᠤᠷᠢ ᠳᠣᠷᠣᠢ ᠬᠥᠮᠦᠨ | ᠮᠥᠰᠥ ᠲᠠᠢ ᠤᠰᠤ ᠤᠤᠭᠤᠬᠤ ᠶᠢ ᠰᠠᠨᠠᠭᠠᠴᠢᠯᠠᠬᠤ ᠦᠭᠡᠢ ︵10 ᠼᠧᠯᠰ ᠤᠨ ᠭᠷᠠᠳᠦ᠋ᠰ ᠠᠴᠠ ᠳᠣᠷᠣᠭᠰᠢ︶᠃ | ᠮᠠᠨ ᠤ ᠬᠡᠯᠡᠵᠦ ᠪᠠᠶᠢᠭ᠎ᠠ ᠪᠦᠯᠢᠶᠡᠨ ᠤᠰᠤ ᠨᠢ ᠶᠡᠷᠦ ᠳᠡᠭᠡᠨ 40~50 ᠭᠷᠠᠳᠦ᠋ᠰ ᠪᠠᠶᠢᠵᠤ᠂ ᠬᠠᠯᠠᠭᠤᠨ ᠪᠦᠯᠢᠶᠡᠨ | ᠮᠥᠷᠲᠡᠭᠡᠨ ᠠᠮᠠ ᠬᠠᠯᠠᠭᠠᠬᠤ ᠦᠭᠡᠢ ᠰᠡᠷᠡᠭᠳᠡᠯ ᠪᠣᠯᠤᠨ᠎ᠠ᠃ ᠡᠨᠡ ᠪᠣᠯ ᠮᠠᠨ ᠤ ᠬᠡᠯᠡᠵᠦ ᠪᠠᠶᠢᠭ᠎ᠠ ᠪᠦᠯᠢᠶᠡᠨ ᠤᠰᠤ ᠨᠢ | ᠶᠡᠷᠦ ᠳᠡᠭᠡᠨ 40~50 ᠭᠷᠠᠳᠦ᠋ᠰ ᠪᠠᠶᠢᠵᠤ᠂ ᠬᠠᠯᠠᠭᠤᠨ ᠪᠦᠯᠢᠶᠡᠨ ᠮᠥᠷᠲᠡᠭᠡᠨ ᠠᠮᠠ ᠬᠠᠯᠠᠭᠠᠬᠤ ᠦᠭᠡᠢ ᠰᠡᠷᠡᠭᠳᠡᠯ | ᠪᠣᠯᠤᠨ᠎ᠠ᠃ 10~40 ᠭᠷᠠᠳᠦ᠋ᠰ ᠤᠨ ᠤᠰᠤ ᠨᠢ ᠰᠡᠷᠢᠭᠦᠨ ᠴᠠᠭᠠᠨ ᠲᠠᠢ ᠨᠡᠩ ᠣᠶᠢᠷᠠᠯᠴᠠᠭ᠎ᠠ ᠪᠠᠶᠢᠳᠠᠭ᠂ | ᠡᠶᠢᠮᠦᠷᠬᠦᠦ ᠳᠤᠯᠠᠭᠠᠨ ᠤ ᠬᠡᠮᠵᠢᠶ᠎ᠡ ᠲᠠᠢ ᠤᠰᠤ ᠶᠢ ᠤᠤᠭᠤᠬᠤ ᠶᠢ ᠬᠠᠮᠤᠭ ᠠᠴᠠ ᠢᠯᠡᠭᠦᠦ ᠲᠠᠨᠢᠯᠴᠠᠭᠤᠯᠤᠨ᠎ᠠ᠃ | ᠰᠡᠷᠢᠭᠦᠨ ᠴᠠᠭᠠᠨ ᠳᠤᠯᠠᠭᠠᠨ ᠤ ᠬᠡᠮᠵᠢᠶ᠎ᠡ ᠨᠢ ᠬᠥᠮᠦᠨ ᠤ ᠪᠡᠶ᠎ᠡ ᠶᠢᠨ ᠳᠤᠯᠠᠭᠠᠨ ᠲᠠᠢ ᠣᠶᠢᠷᠠᠯᠴᠠᠭ᠎ᠠ ᠪᠠᠶᠢᠵᠤ᠂ | ᠤᠤᠭᠤᠭᠰᠠᠨ ᠤ ᠳᠠᠷᠠᠭ᠎ᠠ ᠬᠤᠳᠣᠭᠤᠳᠣ ᠭᠡᠳᠡᠰᠦᠨ ᠤ ᠵᠠᠮ ᠳᠤ ᠠᠮᠠᠷᠬᠠᠨ ᠰᠡᠳᠦᠯᠲᠡ ᠥᠭᠬᠦ ᠦᠭᠡᠶ ᠪᠠᠶᠢᠳᠠᠭ᠃ | ᠪᠡᠶ᠎ᠡ ᠶᠢᠨ ᠳᠤᠯᠠᠭᠠᠨ ᠠᠴᠠ ᠵᠢᠭᠠᠬᠠᠨ ᠳᠣᠣᠷ᠎ᠠ ᠤᠰᠤ ᠬᠥᠮᠦᠨ ᠤ ᠪᠡᠶ᠎ᠡ ᠳᠤ ᠤᠷᠤᠭᠰᠠᠨ ᠤ ᠰᠡᠭᠦᠯᠡᠷ᠂ ᠪᠡᠶ᠎ᠡ ᠶᠢᠨ | ᠳᠣᠲᠣᠷ᠎ᠠ ᠬᠠᠯᠠᠭᠠᠭᠠᠳ ᠪᠡᠶ᠎ᠡ ᠶᠢᠨ ᠳᠤᠯᠠᠭᠠᠨ ᠤ ᠲᠦᠪᠰᠢᠨ ᠳᠤ ᠬᠦᠷᠳᠡᠭ᠃ ᠡᠨᠡ ᠬᠦ ᠢᠯᠡᠭᠦᠴᠡ ︽ᠳᠤᠯᠠᠭᠠᠨ | ᠨᠡᠮᠡᠬᠦ︾ ᠭᠤᠭᠴᠤᠭ᠎ᠠ ᠳᠤ ᠨᠠᠩ ᠣᠯᠠᠨ ᠢᠯᠴᠢ ᠰᠢᠲᠠᠭᠠᠳᠠᠭ᠃ | ᠠᠮᠧᠷᠢᠺᠠ ᠶᠢᠨ ᠪᠡᠶ᠎ᠡ ᠶᠢᠨ ᠲᠠᠮᠢᠷ ᠤᠨ ᠠᠨᠠᠭᠠᠬᠤ ᠤᠬᠠᠭᠠᠨ ᠤ ᠰᠤᠳᠤᠯᠭᠠᠨ ᠤ ᠭᠡᠷᠡᠴᠢᠯᠡᠭᠰᠡᠨ ᠢᠶᠠᠷ᠂ ᠪᠡᠶ᠎ᠡ ᠶᠢᠨ | ᠲᠠᠮᠢᠷ ᠤᠨ ᠬᠥᠳᠡᠯᠭᠡᠭᠡᠨ ᠤ ᠳᠤᠮᠳᠠ ᠬᠦᠢᠲᠡᠨ ᠴᠠᠭᠠᠨ ᠨᠣᠭᠤᠭ᠎ᠠ ᠶᠢᠨ ᠪᠦᠯᠦᠭ ᠤᠤᠭᠤᠬᠤ ᠨᠢ ᠪᠦᠯᠢᠶᠡᠨ ᠤᠰᠤ | ᠤᠤᠭᠤᠬᠤ ᠠᠴᠠ ᠢᠯᠡᠭᠦᠦ ᠳᠤᠯᠠᠭᠠᠨ ᠤ ᠬᠡᠮᠵᠢᠶ᠎ᠡ ᠶᠢᠨ ᠲᠣᠭᠲᠠᠭᠤᠨ ᠪᠠᠶᠢᠳᠠᠯ ᠢ ᠨᠡᠩ ᠰᠠᠶᠢᠨ ᠪᠠᠲᠤᠯᠠᠵᠤ᠂ | ᠲᠠᠮᠢᠷᠴᠢᠳ ᠤᠨ ᠨᠡᠩ ᠰᠢᠯᠢᠳᠡᠭ ᠬᠢᠷᠢ ᠪᠦᠲᠦᠮᠵᠢ ᠤᠯᠬᠤ ᠳᠤ ᠠᠰᠢᠭᠲᠠᠶ ᠶᠤᠮ᠃ | 7. ᠣᠨᠴᠠᠭᠠᠢ ᠬᠥᠮᠦᠰ ᠤᠰᠤ ᠤᠤᠭᠤᠬᠤ ᠶᠢ ᠡᠷᠬᠢᠮᠯᠡᠨ᠎ᠡ | ᠪᠥᠭᠡᠷ᠎ᠡ ︽ᠭᠡᠮᠲᠦᠯ︾ ᠭᠠᠷᠬᠤ ᠦᠶ᠎ᠡ ᠳᠤ᠂ ᠤᠰᠤ ᠠᠷᠪᠢᠨ ᠤᠤᠭᠤᠬᠤ ᠪᠠ ᠤᠰᠤ ᠪᠠᠭ᠎ᠠ ᠤᠤᠭᠤᠬᠤ ᠨᠢ | ᠪᠦᠷ ᠪᠥᠭᠡᠷ᠎ᠡ ᠶᠢᠨ ᠰᠣᠯᠢᠯᠴᠠᠭ᠎ᠠ ᠶᠢᠨ ᠠᠵᠢᠯᠯᠠᠭ᠎ᠠ ᠶᠢ ᠨᠥᠯᠥᠭᠡᠯᠡᠨ᠎ᠡ᠂ ᠲᠡᠭᠡᠪᠡᠯ ᠪᠥᠭᠡᠷᠡᠨ ᠡᠪᠡᠳᠴᠢᠲᠡᠨ ᠴᠤᠬᠤᠮ | ᠬᠡᠷᠬᠢᠨ ᠵᠥᠪ ᠣᠨᠣᠪᠴᠢᠲᠠᠶ ᠤᠰᠤ ᠤᠤᠭᠤᠪᠠᠯ ᠵᠣᠬᠢᠬᠤ ᠪᠣᠢ︖ | ᠢᠯᠡᠷᠬᠡᠶ ᠤᠰᠤᠨ ᠬᠠᠪᠤᠩ / ᠵᠢᠷᠦᠬᠡ ᠮᠠᠭᠤᠳᠠᠭᠰᠠᠨ ᠦᠭᠡᠢ ᠪᠥᠭᠡᠷᠡᠨ ᠡᠪᠡᠳᠴᠢᠨ ᠲᠠᠢ ᠡᠪᠡᠳᠴᠢᠲᠡᠨ ᠤ | ᠤᠤᠭᠤᠬᠤ ᠤᠰᠤᠨ ᠤ ᠬᠡᠮᠵᠢᠶ᠎ᠡ ᠶᠢ ᠡᠳᠦᠷ ᠪᠦᠷᠢ ᠶᠢᠨ ᠤᠤᠭᠤᠬᠤ ᠤᠰᠤᠨ ᠤ ᠬᠡᠮᠵᠢᠶ᠎ᠡ ᠶᠢ 1500~2000 | ᠮᠢᠯᠢᠯᠢᠳ᠋ᠷ ᠢᠶᠠᠷ ᠬᠢᠵᠠᠭᠠᠷᠯᠠᠨ᠎ᠠ᠃ ᠭᠦᠢᠴᠡᠳ ᠤᠰᠤ ᠤᠤᠭᠤᠬᠤ ᠶᠢ ᠪᠠᠲᠤᠯᠠᠬᠤ ᠨᠢ ᠰᠢᠭᠡᠰᠦᠨ ᠤ ᠪᠦᠷᠢᠯᠳᠦᠬᠦ ᠶᠢ | ᠠᠬᠢᠭᠤᠯᠵᠤ᠂ ᠰᠣᠯᠢᠯᠴᠠᠭᠠᠨ ᠤ ᠬᠠᠶᠠᠭᠳᠠᠮᠠᠯ ᠪᠣᠳᠠᠰ ᠢ ᠴᠡᠪᠡᠷᠯᠡᠨ ᠠᠷᠢᠯᠭᠠᠵᠤ᠂ ᠪᠥᠭᠡᠷᠡᠨ ᠤ ᠠᠵᠢᠯᠯᠠᠭ᠎ᠠ ᠶᠢᠨ | ᠲᠣᠭᠲᠠᠭᠤᠨ ᠪᠠᠶᠢᠬᠤ ᠶᠢ ᠪᠠᠲᠤᠯᠠᠬᠤ ᠳᠤ ᠠᠰᠢᠭᠲᠠᠶ ᠶᠤᠮ᠃ | ᠤᠰᠤᠨ ᠬᠠᠪᠤᠩ᠂ ᠰᠢᠭᠡᠰᠦ ᠪᠠᠭᠠᠰᠬᠤ ᠪᠤᠶᠤ ᠰᠢᠭᠡᠰᠦ ᠦᠭᠡᠢ᠂ ᠨᠡᠪᠲᠡᠷᠡᠭᠦᠯᠦᠨ ᠵᠠᠳᠠᠷᠠᠭᠤᠯᠬᠤ | ᠡᠪᠡᠳᠴᠢᠲᠡᠨ ᠳᠤ ᠤᠰᠤ ᠪᠠᠭ᠎ᠠ ᠤᠤᠭᠤᠯᠭᠠᠨ᠎ᠠ᠃ ᠰᠢᠭᠡᠰᠦ ᠪᠠᠭᠠᠰᠬᠤ ᠭᠡᠳᠡᠭ ᠨᠢ ᠡᠳᠦᠷ ᠪᠦᠷᠢ 400 | ᠮᠢᠯᠢᠯᠢᠳ᠋ᠷ ᠠᠴᠠ ᠪᠠᠭ᠎ᠠ ᠰᠢᠭᠡᠬᠦ ᠶᠢ ᠵᠢᠭᠠᠵᠤ ᠪᠣᠢ᠃ ᠰᠢᠭᠡᠰᠦ ᠦᠭᠡᠢ ᠭᠡᠳᠡᠭ ᠨᠢ ᠡᠳᠦᠷ ᠪᠦᠷᠢ 100 | ᠮᠢᠯᠢᠯᠢᠳ᠋ᠷ ᠠᠴᠠ ᠪᠠᠭ᠎ᠠ ᠰᠢᠭᠡᠬᠦ ᠶᠢ ᠵᠢᠭᠠᠵᠤ ᠪᠠᠶᠢᠨ᠎ᠠ᠃ ᠰᠢᠭᠡᠰᠦ ᠪᠠᠭ᠎ᠠ / ᠰᠢᠭᠡᠰᠦ ᠦᠭᠡᠢ ᠡᠪᠡᠳᠴᠢᠲᠡᠨ ᠬᠡᠷᠪᠡ | ᠤᠰᠤ ᠠᠷᠪᠢᠨ ᠤᠤᠭᠤᠪᠠᠯ ᠤᠰᠤ ᠬᠤᠷᠠᠵᠤ᠂ ᠵᠢᠷᠦᠬᠡ᠂ ᠪᠥᠭᠡᠷ᠎ᠡ ᠶᠢᠨ ᠳᠠᠷᠤᠭᠠᠰᠤ ᠶᠢ ᠬᠦᠨᠳᠦᠷᠡᠭᠦᠯᠵᠦ᠂ | ᠡᠪᠡᠳᠴᠢᠨ ᠤ ᠪᠠᠶᠢᠳᠠᠯ ᠢ ᠬᠦᠨᠳᠦᠷᠡᠭᠦᠯᠦᠨ᠎ᠡ᠃ ᠤᠰᠤᠨ ᠬᠠᠪᠤᠩ ᠡᠪᠡᠳᠴᠢᠲᠡᠨ ᠳᠤ ᠤᠤᠯ ᠠᠴᠠ ᠪᠠᠨ ᠤᠰᠤ | ᠵᠣᠭᠰᠣᠩᠭᠢᠷᠠᠬᠤ ᠪᠠᠶᠢᠳᠠᠯ ᠢᠯᠡᠷᠡᠵᠦ᠂ ᠤᠰᠤ ᠶᠡᠭᠡ ᠤᠤᠭᠤᠪᠠᠯ ᠡᠪᠡᠳᠴᠢᠨ ᠤ ᠪᠠᠶᠢᠳᠠᠯ ᠢ ᠬᠦᠨᠳᠦᠷᠡᠭᠦᠯᠦᠨ᠎ᠡ᠃ | ᠨᠡᠪᠲᠡᠷᠡᠭᠦᠯᠦᠨ ᠢᠯᠭᠠᠷᠠᠭᠤᠯᠬᠤ ᠡᠪᠡᠳᠴᠢᠲᠡᠨ ᠥᠪᠡᠷ ᠤᠨ ᠪᠡᠶ᠎ᠡ ᠶᠢᠨ ᠬᠦᠨᠳᠦ ᠶᠢᠨ ᠬᠤᠪᠢᠷᠠᠯᠲᠠ ᠪᠠᠨ ᠦᠨᠳᠦᠰᠦᠯᠡᠨ | ᠤᠤᠭᠤᠬᠤ ᠤᠰᠤᠨ ᠤ ᠬᠡᠮᠵᠢᠶ᠎ᠡ ᠪᠠᠨ ᠲᠣᠬᠢᠷᠠᠭᠤᠯᠤᠨ᠎ᠠ᠃ ᠡᠪᠡᠳᠴᠢᠲᠡᠨ ᠬᠤᠶᠠᠷ ᠤᠳᠠᠭ᠎ᠠ ᠨᠡᠪᠴᠢᠭᠦᠯᠦᠨ | ᠢᠯᠭᠠᠷᠠᠭᠤᠯᠬᠤ ᠬᠤᠭᠤᠴᠠᠭᠠᠨ ᠳᠤ ᠪᠡᠶ᠎ᠡ ᠶᠢᠨ ᠬᠦᠨᠳᠦ ᠶᠢᠨ ᠥᠰᠥᠯᠲᠡ ᠶᠢ 5% ᠠᠴᠠ ᠬᠡᠲᠦᠷᠡᠭᠦᠯᠵᠦ | ᠪᠥᠭᠡᠷᠡᠨ ᠤ ᠴᠢᠯᠠᠭᠤᠵᠢᠮᠠᠯ᠂ ᠰᠢᠭᠡᠰᠦᠨ ᠵᠠᠮ ᠤᠨ ᠬᠠᠯᠳᠠᠪᠤᠷᠢᠯᠠᠯ᠂ ᠰᠢᠭᠡᠰᠦᠨ ᠬᠦᠴᠢᠯ ᠥᠨᠳᠥᠷ ᠴᠢᠰᠤᠨ | ᠭᠡᠮ ᠲᠠᠢ ᠡᠪᠡᠳᠴᠢᠲᠡᠨ ᠳᠤ ᠢᠯᠡᠭᠦᠦ ᠤᠰᠤ ᠤᠤᠭᠤᠯᠭᠠᠨ᠎ᠠ᠃ ᠤᠰᠤ ᠠᠷᠪᠢᠨ ᠤᠤᠭᠤᠪᠠᠯ ᠰᠢᠭᠡᠰᠦ ᠰᠢᠭᠦᠷᠡᠭᠦᠯᠬᠦ | ᠰᠢᠰᠲ᠋ᠧᠮ ᠤᠨ ᠴᠢᠯᠠᠭᠤᠰᠢᠷᠠᠯ ᠡᠭᠦᠰᠬᠦ ᠶᠢ ᠤᠷᠢᠳᠴᠢᠯᠠᠨ ᠰᠡᠷᠭᠡᠶᠢᠯᠡᠵᠦ᠂ ᠴᠢᠯᠠᠭᠤᠰᠢᠷᠠᠯ ᠳᠠᠬᠢᠨ ᠬᠥᠳᠡᠯᠬᠦ ᠶᠢ | ᠰᠡᠷᠭᠡᠶᠢᠯᠡᠨ᠎ᠡ᠃ ᠰᠢᠭᠡᠰᠦᠨ ᠵᠠᠮ ᠤᠨ ᠬᠠᠯᠳᠠᠪᠤᠷᠢᠯᠠᠯ ᠳᠤ ᠨᠡᠷᠪᠡᠭᠳᠡᠭᠰᠡᠳ ᠶᠡᠭᠡ ᠬᠡᠮᠵᠢᠶ᠎ᠡ ᠪᠠᠷ ᠤᠰᠤ ᠤᠤᠭᠤᠪᠠᠯ | ᠰᠢᠭᠡᠰᠦᠨ ᠵᠠᠮ ᠢ ᠤᠬᠢᠶᠠᠵᠤ᠂ ᠬᠠᠯᠳᠠᠪᠤᠷᠢᠯᠠᠯ ᠤᠨ ᠰᠢᠨᠵᠢ ᠲᠡᠮᠳᠡᠭ ᠢ ᠬᠥᠩᠭᠡᠷᠡᠭᠦᠯᠦᠨ᠎ᠡ᠃ ᠰᠢᠭᠡᠰᠦᠨ ᠬᠦᠴᠢᠯ | ᠥᠨᠳᠥᠷ ᠴᠢᠰᠤᠨ ᠭᠡᠮ ᠲᠠᠢ ᠡᠪᠡᠳᠴᠢᠲᠡᠨ ᠢᠯᠡᠭᠦᠦ ᠤᠰᠤ ᠤᠤᠭᠤᠪᠠᠯ ᠰᠢᠭᠡᠰᠦᠨ ᠬᠦᠴᠢᠯ ᠤᠨ ᠢᠯᠭᠠᠷᠠᠯᠲᠠ ᠶᠢ | ᠠᠬᠢᠭᠤᠯᠵᠤ᠂ ᠴᠢᠰᠤᠨ ᠰᠢᠭᠡᠰᠦᠨ ᠬᠦᠴᠢᠯ ᠤᠨ ᠬᠡᠮᠵᠢᠶ᠎ᠡ ᠶᠢ ᠪᠠᠭᠤᠷᠠᠭᠤᠯᠤᠨ᠎ᠠ᠃ | | ᠢᠷᠡᠯᠲᠡ᠄ ᠡᠷᠡᠭᠦᠯ ᠴᠢᠬᠢᠷᠠᠭ ᠳᠤᠮᠳᠠᠳᠦ ᠤᠯᠤᠰ | ᠤᠷᠴᠢᠭᠤᠯᠤᠭᠴᠢ᠄ ᠮᠥᠩᠭᠦᠨᠰᠤᠶᠢᠬᠡ | ᠬᠢᠨᠠᠨ ᠬᠠᠷᠭᠤᠭᠤᠯᠤᠭᠴᠢ᠄ ᠮᠥᠩᠭᠦᠨᠰᠤᠶᠢᠬᠡ |