ᠬᠠᠪᠤᠷ ᠶᠠᠮᠠᠷ ᠶᠠᠮᠠᠷ ᠲᠠᠮᠢᠷ ᠤᠨ ᠬᠥᠳᠡᠯᠭᠡᠭᠡᠨ ᠳᠤ ᠲᠣᠬᠢᠷᠠᠬᠤ ᠪᠣᠢ | ᠬᠠᠪᠤᠷ ᠲᠦᠮᠡᠨ ᠪᠣᠳᠠᠰ ᠠᠮᠢᠯᠠᠨ ᠰᠡᠷᠭᠦᠵᠦ᠂ ᠤᠷᠢᠬᠠᠨ ᠬᠠᠪᠤᠷ ᠳᠤᠯᠠᠭᠠᠷᠠᠨ ᠴᠡᠴᠡᠭ ᠳᠡᠯᠭᠡᠷᠡᠨ᠎ᠡ᠃ ᠬᠠᠪᠤᠷ | ᠪᠣᠯᠬᠤ ᠳᠤ ᠰᠢᠨ᠎ᠡ ᠬᠦᠰᠡᠯ ᠡᠷᠡᠮᠡᠯᠵᠡᠯ ᠢ ᠡᠪᠦᠷᠯᠡᠨ᠂ ᠰᠢᠨ᠎ᠡ ᠡᠬᠢᠯᠡᠯᠲᠡ ᠶᠢ ᠬᠠᠷᠠᠭᠤᠯᠵᠤ ᠪᠠᠶᠢᠳᠠᠭ᠂ ᠭᠡᠪᠡᠴᠦ ᠬᠡᠷᠪᠡ | ᠡᠷᠡᠭᠦᠯ ᠴᠢᠭᠢᠷᠠᠭ ᠪᠡᠶ᠎ᠡ ᠮᠠᠬᠠᠪᠣᠳ ᠪᠠᠶᠢᠬᠤ ᠥᠬᠡᠶ ᠪᠣᠯ ᠠᠯᠢᠪᠠ ᠪᠦᠬᠦᠨ ᠴᠥᠮ ᠬᠦᠰᠡᠵᠦ ᠪᠣᠯᠬᠤ ᠠᠴᠠ ᠪᠢᠰᠢ | ᠬᠦᠷᠴᠦ ᠴᠢᠳᠠᠬᠤ ᠥᠬᠡᠶ ᠶᠤᠮ᠃ ᠮᠠᠬᠠᠪᠣᠳ ᠤᠨ ᠡᠷᠡᠭᠦᠯ ᠴᠢᠭᠢᠷᠠᠭ ᠢ ᠪᠠᠲᠤᠯᠠᠬᠤ ᠶᠢ ᠪᠢᠴᠢᠵᠦ ᠭᠠᠷᠭᠠᠭᠰᠠᠨ ᠪᠢᠰᠢ᠂ | ᠬᠡᠯᠡᠵᠦ ᠭᠠᠷᠭᠠᠭᠰᠠᠨ ᠴᠤ ᠪᠢᠰᠢ᠂ ᠬᠠᠷᠢᠨ ᠬᠢᠵᠦ ᠭᠠᠷᠭᠠᠭᠰᠠᠨ ᠶᠤᠮ᠃ | ᠬᠠᠪᠤᠷ ᠶᠠᠮᠠᠷ ᠶᠠᠩᠵᠤ ᠶᠢᠨ ᠲᠠᠮᠢᠷ ᠤᠨ ᠬᠥᠳᠡᠯᠭᠡᠭᠡᠨ ᠳᠤ ᠲᠣᠬᠢᠷᠠᠳᠠᠭ ᠪᠤᠢ︖ ᠬᠠᠪᠤᠷ ᠪᠣᠯᠬᠤ ᠳᠤ ᠶᠡᠭᠡ | ᠪᠠᠶᠢᠭᠠᠯᠢ ᠲᠠᠢ ᠣᠶᠢᠷᠠᠯᠴᠠᠭ᠎ᠠ ᠬᠡᠷ ᠤᠨ ᠭᠠᠳᠠᠨᠠᠬᠢ ᠬᠥᠳᠡᠯᠭᠡᠭᠡᠨ ᠬᠢᠬᠦ ᠳᠤ ᠬᠠᠮᠤᠭ ᠤᠨ ᠲᠣᠬᠢᠷᠠᠮᠵᠢᠲᠠᠶ ᠪᠠᠶᠢᠳᠠᠭ᠂ | ᠵᠢᠱᠢᠶᠡᠯᠡᠪᠡᠯ᠂ ᠠᠯᠬᠤᠬᠤ᠂ ᠤᠨᠤᠬᠤ᠂ ᠠᠯᠭᠤᠷ ᠭᠦᠶᠦᠬᠦ᠂ ᠠᠭᠤᠯᠠ ᠠᠪᠠᠷᠢᠬᠤ ᠵᠡᠷᠭᠡ ᠪᠣᠯᠤᠨ᠎ᠠ᠃ ᠬᠠᠪᠤᠷ ᠤᠨ | ᠤᠯᠠᠷᠢᠯ ᠳᠤ ᠣᠨᠴᠠᠭᠠᠶ ᠠᠭᠤᠷ ᠠᠮᠢᠰᠬᠤᠯ ᠴᠥᠭᠡᠨ ᠪᠠᠶᠢᠵᠤ᠂ ᠬᠦᠢᠲᠡᠨ ᠴᠦ ᠪᠢᠰᠢ ᠬᠠᠯᠠᠭᠤᠨ ᠴᠤ ᠪᠢᠰᠢ᠂ | ᠭᠡᠷ ᠤᠨ ᠭᠠᠳᠠᠨ᠎ᠠ ᠬᠥᠳᠡᠯᠭᠡᠭᠡᠨ ᠬᠢᠬᠦ ᠳᠤ ᠲᠣᠬᠢᠷᠠᠮᠵᠢᠲᠠᠶ ᠪᠠᠶᠢᠳᠠᠭ᠃ ᠬᠠᠪᠤᠷ ᠤᠨ ᠤᠯᠠᠷᠢᠯ ᠳᠤ ᠲᠦᠮᠡᠨ ᠪᠣᠳᠠᠰ | ᠤᠷᠭᠤᠵᠤ᠂ ᠠᠭᠠᠷ ᠴᠡᠪᠡᠷ ᠲᠤᠩᠭᠠᠯᠠᠭ᠂ ᠭᠡᠷ ᠤᠨ ᠭᠠᠳᠠᠨᠠᠬᠢ ᠬᠥᠳᠡᠯᠭᠡᠭᠡᠨ ᠲᠠᠭᠠᠯᠠᠮᠵᠢᠲᠠᠶ ᠪᠠᠶᠢᠳᠠᠭ᠃ ᠡᠨᠡ | ᠤᠯᠠᠷᠢᠯ ᠳᠤ ᠭᠡᠷ ᠤᠨ ᠭᠠᠳᠠᠨᠠᠬᠢ ᠬᠥᠳᠡᠯᠭᠡᠭᠡᠨ ᠤ ᠬᠡᠯᠪᠡᠷᠢ ᠶᠢ ᠰᠣᠩᠭᠤᠵᠤ ᠪᠣᠯᠤᠨ᠎ᠠ᠂ ᠡᠯ᠎ᠡ ᠨᠠᠰᠤᠨ ᠤ ᠬᠥᠮᠦᠰ ᠪᠠ | ᠠᠳᠠᠯᠢ ᠪᠤᠰᠤ ᠡᠷᠡᠭᠦᠯ ᠮᠡᠨᠳᠦ ᠶᠢᠨ ᠪᠠᠶᠢᠳᠠᠯ ᠲᠠᠢ ᠬᠥᠮᠦᠰ ᠲᠤ ᠲᠣᠬᠢᠷᠠᠨ᠎ᠠ᠃ ︽ᠬᠠᠪᠤᠷ ᠪᠣᠯᠤᠯ᠎ᠠ᠂ ᠪᠤᠰᠢᠭᠤᠬᠠᠨ | ᠬᠥᠳᠡᠯᠵᠡᠭᠡᠶᠡ︕︾ ᠭᠡᠪᠡ᠃ ᠶᠡᠷᠦ ᠨᠢ ᠨᠢᠭᠡ ᠵᠦᠢᠯ ᠤᠨ ᠬᠥᠳᠡᠯᠭᠡᠭᠡᠨ ᠤ ᠬᠡᠯᠪᠡᠷᠢ ᠨᠢ ᠴᠢᠮ᠎ᠠ ᠳᠤ ᠲᠣᠬᠢᠷᠠᠨ᠎ᠠ᠃ | ᠶᠠᠭᠠᠬᠢᠵᠤ ᠬᠥᠳᠡᠯᠭᠡᠭᠡᠨ ᠤ ᠬᠦᠴᠦᠯᠡᠴᠡ ᠲᠣᠬᠢᠷᠠᠮᠵᠢᠲᠠᠢ ᠡᠰᠡᠬᠦ ᠶᠢ ᠮᠠᠭᠠᠳᠯᠠᠬᠤ ᠪᠤᠢ | ᠲᠣᠬᠢᠷᠠᠮᠵᠢᠲᠠᠶ ᠬᠥᠳᠡᠯᠭᠡᠭᠡᠨ ᠤ ᠬᠦᠴᠦᠯᠡᠴᠡ ᠨᠢ ᠪᠡᠶ᠎ᠡ ᠮᠠᠬᠠᠪᠣᠳ ᠤᠨ ᠡᠷᠡᠭᠦᠯ ᠮᠡᠨᠳᠦ ᠳᠤ ᠲᠦᠢᠯ ᠤᠨ | ᠴᠢᠬᠤᠯᠠ ᠪᠠᠶᠢᠳᠠᠭ᠃ ᠬᠥᠳᠡᠯᠭᠡᠭᠡᠨ ᠤ ᠬᠦᠴᠦᠯᠡᠴᠡ ᠨᠢ ᠬᠡᠲᠦᠷᠬᠡᠶ ᠴᠢᠩᠭ᠎ᠠ ᠪᠣᠯ ᠪᠡᠶ᠎ᠡ ᠮᠠᠬᠠᠪᠣᠳ ᠢ ᠭᠡᠮᠲᠦᠭᠡᠵᠦ | ᠮᠡᠳᠡᠨ᠎ᠡ᠃ ᠪᠡᠶ᠎ᠡ ᠶᠢᠨ ᠲᠠᠮᠢᠷ ᠤᠨ ᠬᠥᠳᠡᠯᠭᠡᠭᠡᠨ ᠤ ᠬᠦᠴᠦᠯᠡᠴᠡ ᠬᠦᠷᠦᠯᠴᠡᠬᠦ ᠦᠭᠡᠢ ᠪᠣᠯ ᠡᠷᠡᠭᠦᠯ ᠮᠡᠨᠳᠦ ᠳᠤ ᠲᠤᠩ | ᠪᠠᠭ᠎ᠠ ᠨᠥᠯᠥᠭᠡ ᠦᠵᠡᠭᠦᠯᠦᠨ᠎ᠡ᠃ ᠡᠶᠢᠮᠦ ᠠᠴᠠ ᠰᠠᠶᠢᠨ ᠪᠡᠶ᠎ᠡ ᠲᠠᠢ ᠪᠣᠯᠤᠶ᠎ᠠ ᠭᠡᠪᠡᠯ ᠲᠣᠬᠢᠷᠠᠮᠵᠢᠲᠠᠶ ᠬᠥᠳᠡᠯᠭᠡᠭᠡᠨ ᠤ | ᠬᠦᠴᠦᠯᠡᠴᠡ ᠶᠢ ᠰᠣᠩᠭᠤᠬᠤ ᠬᠡᠷᠡᠭᠲᠡᠶ᠃ ᠬᠥᠳᠡᠯᠭᠡᠭᠡᠨ ᠤ ᠬᠦᠴᠦᠯᠡᠴᠡ ᠶᠢᠨ ᠲᠣᠬᠢᠷᠠᠮᠵᠢᠲᠠᠶ ᠭᠡᠳᠡᠭ ᠨᠢ ᠬᠥᠮᠦᠨ | ᠨᠢᠭᠡᠪᠦᠷᠢ ᠳᠤ ᠴᠢᠭᠯᠡᠭᠦᠯᠵᠦ ᠬᠡᠯᠡᠭᠰᠡᠨ ᠦᠭᠡ ᠶᠤᠮ᠂ ᠥᠪᠡᠷ ᠤᠨ ᠪᠡᠶ᠎ᠡ ᠶᠢᠨ ᠨᠠᠰᠤ᠂ ᠪᠡᠶ᠎ᠡ ᠶᠢᠨ ᠪᠠᠶᠢᠳᠠᠯ᠂ | ᠦᠨᠳᠦᠰᠦᠨ ᠡᠪᠡᠳᠴᠢᠨ ᠪᠠᠶᠢᠬᠤ ᠡᠰᠡᠬᠦ᠂ ᠡᠩ ᠤᠨ ᠦᠶ᠎ᠡ ᠶᠢᠨ ᠬᠥᠳᠡᠯᠭᠡᠭᠡᠨ ᠤ ᠬᠡᠮᠵᠢᠶ᠎ᠡ ᠶᠢᠨ ᠠᠷᠪᠢᠨ ᠪᠠ | ᠪᠠᠭ᠎ᠠ ᠶᠢ ᠦᠨᠳᠦᠰᠦᠯᠡᠨ ᠲᠣᠭᠲᠠᠭᠠᠨ᠎ᠠ᠃ | ᠨᠡᠶᠢᠳᠡᠮ ᠬᠡᠷᠡᠭᠯᠡᠬᠦ ᠵᠠᠷᠴᠢᠮ ᠪᠣᠯ᠄ ᠠᠯᠬᠤᠮ ᠲᠠᠷᠠᠭ᠎ᠠ ᠲᠠᠢ ᠪᠠᠷ ᠤᠷᠤᠭᠰᠢᠯᠠᠵᠤ᠂ ᠴᠢᠳᠠᠯ ᠤᠨ ᠢᠶᠠᠨ | ᠬᠢᠷᠢ ᠪᠠᠷ ᠬᠢᠬᠦ ᠶᠠᠪᠤᠳᠠᠯ ᠪᠣᠯᠤᠨ᠎ᠠ᠃ ᠶᠠᠮᠠᠷ ᠵᠦᠢᠯ ᠤᠨ ᠬᠥᠳᠡᠯᠭᠡᠭᠡᠨ ᠤ ᠠᠷᠭ᠎ᠠ ᠶᠢ ᠰᠣᠩᠭᠤᠭᠰᠠᠨ ᠴᠤ | ᠬᠥᠳᠡᠯᠭᠡᠭᠡᠨ ᠤ ᠬᠡᠮᠵᠢᠶ᠎ᠡ ᠬᠡᠲᠦᠷᠡᠪᠡᠯ ᠵᠢᠷᠦᠬᠡᠨ ᠤ ᠴᠣᠬᠢᠯᠲᠠ ᠶᠢ ᠲᠦᠷᠭᠡᠳᠬᠡᠵᠦ᠂ ᠶᠠᠳᠠᠷᠠᠭ᠎ᠠ ᠶᠢ ᠬᠥᠩᠭᠡᠷᠡᠭᠦᠯᠬᠦ ᠳᠤ | ᠬᠦᠴᠢᠷ ᠪᠠᠶᠢᠳᠠᠭ᠃ ᠡᠶᠢᠮᠦ ᠠᠴᠠ ᠠᠯᠬᠤᠮ ᠳᠠᠷᠠᠭ᠎ᠠ ᠲᠠᠢ ᠪᠠᠷ ᠬᠥᠳᠡᠯᠭᠡᠭᠡᠨ ᠤ ᠬᠡᠮᠵᠢᠶ᠎ᠡ ᠪᠠᠨ ᠨᠡᠮᠡᠭᠳᠡᠭᠦᠯᠬᠦ ᠠᠴᠠ | ᠭᠠᠳᠠᠨ᠎ᠠ᠂ ᠵᠢᠷᠦᠬᠡᠨ ᠤ ᠳᠠᠪᠲᠠᠮᠵᠢ ᠪᠠ ᠪᠡᠶ᠎ᠡ ᠮᠠᠬᠠᠪᠣᠳ ᠤᠨ ᠶᠠᠳᠠᠷᠠᠯ ᠢ ᠠᠩᠬᠠᠷᠬᠤ ᠬᠡᠷᠡᠭᠲᠡᠶ᠂ ᠡᠨᠡ ᠨᠢ ᠳᠥᠭᠦᠮ | ᠬᠢᠯᠪᠠᠷ ᠮᠥᠷᠲᠡᠭᠡᠨ ᠣᠨᠣᠪᠴᠢᠲᠠᠶ ᠶᠤᠮ᠃ | ᠮᠥᠨ ᠭᠦᠶᠦᠬᠦ ᠪᠠᠷ ᠵᠢᠱᠢᠶᠡᠯᠡᠬᠦ ᠳᠤ᠂ ᠬᠥᠳᠡᠯᠭᠡᠭᠡᠨ ᠬᠢᠭᠰᠡᠳ ᠤᠨ ᠲᠣᠬᠢᠷᠠᠮᠵᠢᠲᠠᠶ ᠬᠥᠳᠡᠯᠭᠡᠭᠡᠨ ᠤ | ᠬᠦᠴᠦᠯᠡᠴᠡ ᠳᠤ ᠠᠭᠠᠵᠢᠮ ᠢᠶᠠᠷ ᠵᠣᠬᠢᠴᠠᠬᠤ ᠶᠢ ᠳᠠᠭᠠᠯᠳᠤᠨ᠂ ᠭᠦᠶᠦᠬᠦ ᠵᠠᠶ ᠨᠢ ᠤᠯᠠᠮ ᠠᠴᠠ ᠤᠯᠠᠮ ᠣᠷᠳᠣ | ᠪᠣᠯᠵᠣ᠂ ᠭᠦᠶᠦᠬᠦ ᠬᠤᠷᠳᠤᠴᠠ ᠨᠢ ᠤᠯᠠᠮ ᠢᠶᠠᠷ ᠲᠦᠷᠭᠡᠰᠳᠡᠭ᠃ ᠡᠨᠡ ᠦᠶ᠎ᠡ ᠳᠤ᠂ ᠵᠢᠷᠦᠬᠡᠨ ᠤ ᠳᠠᠪᠲᠠᠮᠵᠢ | ᠭᠦᠶᠦᠬᠦ ᠵᠠᠶ ᠶᠢᠨ ᠨᠡᠮᠡᠭᠳᠡᠬᠦ ᠪᠠ ᠬᠤᠷᠳᠤᠴᠠ ᠲᠣᠬᠢᠷᠠᠭᠤᠯᠬᠤ ᠶᠢᠨ ᠲᠦᠷᠭᠡᠳᠬᠦ ᠶᠢ ᠳᠠᠭᠠᠯᠳᠤᠨ ᠨᠡᠩ ᠬᠤᠷᠳᠤᠨ | ᠪᠣᠯᠬᠤ ᠦᠭᠡᠢ᠂ ᠶᠠᠳᠠᠷᠠᠬᠤ ᠰᠡᠷᠡᠯ ᠨᠢ ᠮᠠᠰᠢ ᠲᠦᠷᠭᠡᠨ ᠠᠷᠢᠯᠳᠠᠭ᠂ ᠡᠨᠡ ᠪᠣᠯ ᠳᠠᠷᠤᠶ ᠲᠣᠬᠢᠷᠠᠮᠵᠢᠲᠠᠶ | ᠬᠥᠳᠡᠯᠭᠡᠭᠡᠨ ᠤ ᠬᠦᠴᠦᠯᠡᠴᠡ ᠪᠣᠯᠤᠨ᠎ᠠ᠃ | ᠠᠩᠬᠠᠷᠤᠭᠤᠰᠢᠲᠠᠶ ᠨᠢ᠂ ︽ᠶᠠᠩ ᠺᠠᠩ︾ ᠠᠴᠠ ᠰᠡᠭᠦᠯᠡᠷ᠂ ᠣᠯᠠᠨ ᠢᠶᠠᠷ ᠢᠶᠠᠨ ᠬᠠᠰᠢ ᠯᠠ ᠬᠥᠳᠡᠯᠭᠡᠭᠡᠨ ᠤ | ᠬᠦᠴᠦᠯᠡᠴᠡ ᠪᠠᠨ ᠠᠯᠢ ᠴᠢᠳᠠᠬᠤ ᠪᠠᠷ ᠪᠠᠭ᠎ᠠ ᠰᠠᠭ᠎ᠠ ᠬᠠᠳᠠᠭᠠᠯᠠᠵᠤ᠂ ᠡᠩ ᠤᠨ ᠦᠶ᠎ᠡ ᠶᠢᠨ ᠬᠥᠳᠡᠯᠭᠡᠭᠡᠨ ᠤ | ᠬᠦᠴᠦᠯᠡᠴᠡ ᠶᠢᠨ 50% ᠶᠢ ᠰᠣᠩᠭᠤᠵᠤ᠂ ᠬᠠᠮᠤᠭ ᠥᠨᠳᠥᠷ ᠲᠡᠭᠡᠨ 80% ᠶᠢ ᠡᠵᠡᠯᠡᠵᠦ ᠪᠣᠯᠤᠨ᠎ᠠ᠃ | ᠬᠥᠳᠡᠯᠭᠡᠭᠡᠨ ᠢ ᠪᠡᠶ᠎ᠡ ᠮᠠᠬᠠᠪᠣᠳ ᠤᠨ ᠤᠭ ᠤᠨ ᠪᠠᠶᠢᠳᠠᠯ ᠳᠠᠭᠠᠨ ᠣᠷᠣᠬᠤ ᠶᠢ ᠠᠬᠢᠭᠤᠯᠬᠤ ᠨᠢᠭᠡ ᠵᠦᠢᠯ ᠤᠨ ᠬᠡᠯᠪᠡᠷᠢ | ᠪᠣᠯᠭᠠᠬᠤ ᠠᠴᠠ ᠪᠢᠰᠢ᠂ ᠬᠠᠷᠢᠨ ᠡᠨᠡ ᠦᠶ᠎ᠡ ᠶᠢᠨ ᠬᠥᠳᠡᠯᠭᠡᠭᠡᠨ ᠤ ᠬᠡᠮᠵᠢᠶ᠎ᠡ ᠪᠠ ᠬᠥᠳᠡᠯᠭᠡᠭᠡᠨ ᠤ ᠬᠢᠷᠢ | ᠪᠦᠲᠦᠮᠵᠢ ᠶᠢ ᠬᠡᠲᠦᠷᠬᠡᠶ ᠴᠢᠬᠤᠯᠠᠴᠢᠯᠠᠵᠤ ᠪᠣᠯᠬᠤ ᠦᠭᠡᠢ᠃ | ᠬᠥᠳᠡᠯᠭᠡᠭᠡᠨ ᠤ ᠡᠮᠦᠨ᠎ᠡ ᠬᠤᠶᠢᠨ᠎ᠠ ᠶᠠᠮᠠᠷ ᠠᠩᠬᠠᠷᠬᠤ ᠵᠦᠢᠯ ᠪᠠᠶᠢᠬᠤ ᠪᠣᠢ︖ | ᠬᠥᠳᠡᠯᠭᠡᠭᠡᠨ ᠬᠢᠬᠦ ᠠᠴᠠ ᠡᠮᠦᠨ᠎ᠡ᠂ ᠬᠥᠮᠦᠨ ᠪᠣᠯᠭᠠᠨ ᠪᠡᠶ᠎ᠡ ᠶᠢᠨ ᠪᠠᠶᠢᠳᠠᠯ ᠢᠶᠠᠨ ᠳᠥᠭᠦᠮᠬᠡᠨ ᠦᠨᠡᠯᠡᠬᠦ | ᠬᠡᠷᠡᠭᠲᠡᠶ᠃ | 1. ᠪᠡᠶ᠎ᠡ ᠮᠠᠬᠠᠪᠣᠳ ᠤᠨ ᠡᠪ ᠦᠭᠡᠶᠢᠷᠡᠬᠦ ᠢᠯᠡᠷᠡᠯ ᠪᠠᠶᠢᠬᠤ ᠡᠰᠡᠬᠦ ᠶᠢ ᠠᠵᠢᠭᠯᠠᠨ᠎ᠠ᠃ | 2. ᠬᠥᠳᠡᠯᠭᠡᠭᠡᠨ ᠬᠢᠬᠦ ᠬᠦᠰᠡᠯ ᠲᠠᠢ ᠪᠠᠶᠢᠬᠤ ᠡᠰᠡᠬᠦ᠂ ᠬᠥᠳᠡᠯᠭᠡᠭᠡᠨ ᠬᠢᠬᠦ ᠳᠤᠷᠠᠲᠠᠶ ᠪᠠᠶᠢᠬᠤ ᠡᠰᠡᠬᠦ᠃ | 3. ᠨᠦᠢᠷ ᠭᠦᠢᠴᠡᠳ ᠪᠠᠶᠢᠬᠤ ᠡᠰᠡᠬᠦ᠃ ᠨᠦᠢᠷ ᠭᠦᠢᠴᠡᠳ ᠦᠭᠡᠢ ᠪᠣᠯ ᠬᠥᠳᠡᠯᠭᠡᠭᠡᠨ ᠬᠢᠬᠦ ᠳᠤ ᠲᠣᠬᠢᠷᠠᠬᠤ | ᠦᠭᠡᠢ᠃ | 4. ᠬᠥᠳᠡᠯᠭᠡᠭᠡᠨ ᠬᠢᠬᠦ ᠳᠡᠭᠡᠨ ᠥᠯᠥᠨ ᠢᠶᠠᠷ ᠠᠭᠠᠰᠢᠯᠠᠬᠤ ᠦᠭᠡᠶ ᠪᠣᠯ ᠬᠠᠮᠤᠭ ᠰᠠᠶᠢᠨ᠃ ᠬᠥᠳᠡᠯᠭᠡᠭᠡᠨ | ᠬᠢᠬᠦ ᠠᠴᠠ ᠡᠮᠦᠨ᠎ᠡ ᠪᠠᠨᠠᠨᠠ᠂ ᠨᠡᠭᠦᠷᠡᠰᠦ ᠤᠰᠤᠨ ᠤ ᠨᠢᠭᠡᠳᠪᠦᠷᠢ ᠵᠡᠷᠭᠡ ᠶᠢᠨ ᠡᠨᠧᠷᠭᠢ ᠶᠢ ᠵᠣᠬᠢᠬᠤ ᠬᠡᠮᠵᠢᠶ᠎ᠡ ᠪᠠᠷ | ᠨᠥᠬᠦᠪᠥᠷᠢᠯᠡᠨ᠎ᠡ᠃ | 5. ᠬᠡᠷᠪᠡ ᠭᠡᠷ ᠤᠨ ᠭᠠᠳᠠᠨᠠᠬᠢ ᠲᠠᠮᠢᠷ ᠤᠨ ᠬᠥᠳᠡᠯᠭᠡᠭᠡᠨ ᠢ ᠰᠣᠩᠭᠤᠪᠠᠯ᠂ ᠴᠠᠭ ᠠᠭᠤᠷ ᠤᠨ ᠪᠠᠶᠢᠳᠠᠯ ᠴᠤ | ᠮᠠᠰᠢ ᠴᠢᠬᠤᠯᠠ ᠪᠠᠶᠢᠳᠠᠭ᠃ ᠬᠠᠬᠢᠷ ᠬᠦᠢᠲᠡᠨ᠂ ᠶᠡᠭᠡ ᠰᠠᠯᠬᠢ᠂ ᠪᠣᠬᠢᠷ ᠮᠠᠨᠠᠨ ᠮᠡᠲᠦ ᠶᠢᠨ ᠲᠦᠢᠯ ᠤᠨ ᠠᠭᠤᠷ | ᠠᠮᠢᠰᠬᠤᠯ ᠬᠥᠳᠡᠯᠭᠡᠭᠡᠨ ᠬᠢᠬᠦ ᠳᠤ ᠳᠣᠭᠢᠷᠠᠬᠤ ᠦᠭᠡᠶ ᠪᠠᠶᠢᠳᠠᠭ᠃ ᠠᠭᠠᠷ ᠤᠨ ᠳᠤᠯᠠᠭᠠᠨ ᠳᠣᠣᠷ᠎ᠠ ᠴᠠᠭ ᠠᠭᠤᠷ | ᠲᠣᠬᠢᠶᠠᠯᠳᠤᠪᠠᠯ ᠭᠡᠷ ᠤᠨ ᠭᠠᠳᠠᠨ᠎ᠠ ᠬᠥᠳᠡᠯᠭᠡᠭᠡᠨ ᠬᠢᠬᠦ ᠳᠡᠭᠡᠨ ᠳᠤᠯᠠᠭᠠᠯᠠᠬᠤ ᠶᠢ ᠠᠩᠬᠠᠷᠬᠤ ᠬᠡᠷᠡᠭᠲᠡᠶ᠃ | 6. ᠬᠡᠷᠪᠡ ᠭᠦᠶᠦᠬᠦ ᠶᠢ ᠰᠣᠩᠭᠤᠪᠠᠯ᠂ ᠭᠦᠶᠦᠬᠦ ᠠᠴᠠ ᠪᠠᠨ ᠡᠮᠦᠨ᠎ᠡ ᠲᠠᠲᠠᠵᠤ ᠰᠤᠩᠭᠠᠬᠤ ᠬᠥᠳᠡᠯᠭᠡᠭᠡᠨ | ᠬᠢᠵᠦ᠂ ᠡᠬᠢᠯᠡᠵᠦ ᠭᠦᠶᠦᠬᠦ ᠬᠤᠷᠳᠤᠴᠠ ᠪᠠᠨ ᠬᠡᠲᠦᠷᠬᠡᠶ ᠲᠦᠷᠭᠡᠨ ᠪᠠᠶᠢᠯᠭᠠᠵᠤ ᠪᠣᠯᠬᠤ ᠦᠭᠡᠶ᠂ ᠠᠯᠭᠤᠷ | ᠠᠭᠠᠵᠢᠮ ᠢᠶᠠᠷ ᠲᠣᠬᠢᠷᠠᠭᠤᠯᠬᠤ ᠬᠡᠷᠡᠭᠲᠡᠶ᠃ | ᠬᠥᠳᠡᠯᠭᠡᠭᠡᠨ ᠳᠠᠭᠤᠰᠤᠭᠰᠠᠨ ᠤ ᠳᠠᠷᠠᠭ᠎ᠠ ᠴᠤ ᠳᠣᠣᠷ᠎ᠠ ᠪᠠᠨ ᠵᠣᠭᠰᠣᠵᠤ ᠪᠣᠯᠬᠤ ᠦᠭᠡᠢ᠂ ᠪᠠᠭ᠎ᠠ ᠰᠠᠭ᠎ᠠ | ᠰᠤᠩᠭᠠᠵᠤ ᠰᠤᠯᠠᠳᠬᠠᠬᠤ ᠬᠥᠳᠡᠯᠭᠡᠭᠡᠨ ᠬᠢᠪᠡᠯ ᠵᠣᠬᠢᠨ᠎ᠠ᠃ ᠣᠨᠴᠠᠭᠠᠶᠢᠯᠠᠨ ᠭᠦᠶᠦᠵᠦ ᠪᠠᠷᠠᠭᠰᠠᠨ ᠤ ᠳᠠᠷᠠᠭ᠎ᠠ᠂ | ᠵᠢᠷᠦᠬᠡᠨ ᠴᠣᠬᠢᠯᠭ᠎ᠠ ᠶᠢᠨ ᠲᠤᠰᠬᠠᠯ ᠢ ᠦᠵᠡᠵᠦ᠂ ᠵᠢᠷᠦᠬᠡᠨ ᠴᠣᠬᠢᠯᠭ᠎ᠠ ᠶᠢᠨ ᠬᠤᠷᠳᠤᠨ ᠡᠰᠡᠬᠦ ᠶᠢ ᠮᠡᠳᠡᠷᠡᠵᠦ᠂ | ᠳᠣᠣᠷ᠎ᠠ ᠪᠠᠨ ᠬᠡᠪ ᠤᠨ ᠵᠢᠷᠦᠬᠡᠨ ᠴᠣᠬᠢᠯᠭ᠎ᠠ ᠶᠢᠨ ᠲᠦᠪᠰᠢᠨ ᠳᠤ ᠬᠦᠷᠴᠦ ᠳᠡᠶᠢᠯᠬᠦ ᠡᠰᠡᠬᠦ ᠶᠢ ᠦᠵᠡᠨ᠎ᠡ᠃ ᠡᠭᠦᠨ ᠤ | ᠬᠠᠮᠲᠤ ᠪᠠᠰᠠ ᠬᠥᠳᠡᠯᠭᠡᠭᠡᠨ ᠬᠢᠭᠰᠡᠨ ᠤ ᠳᠠᠷᠠᠭ᠎ᠠ ᠪᠡᠶ᠎ᠡ ᠶᠢᠨ ᠶᠠᠳᠠᠷᠠᠯ ᠢ ᠡᠵᠡᠮᠳᠡᠵᠦ ᠳᠡᠶᠢᠯᠬᠦ ᠡᠰᠡᠬᠦ ᠶᠢ ᠦᠵᠡᠨ᠎ᠡ᠃ | ᠬᠥᠳᠡᠯᠭᠡᠭᠡᠨ ᠬᠢᠭᠰᠡᠨ ᠤ ᠳᠠᠷᠠᠭ᠎ᠠ ᠪᠡᠶ᠎ᠡ ᠶᠢᠨ ᠪᠠᠶᠢᠳᠠᠯ ᠢ ᠦᠨᠡᠯᠡᠵᠦ᠂ ᠳᠠᠷᠠᠭ᠎ᠠ ᠤᠳᠠᠭ᠎ᠠ ᠶᠠᠮᠠᠷ ᠶᠠᠩᠵᠤ ᠶᠢᠨ | ᠬᠥᠳᠡᠯᠭᠡᠭᠡᠨ ᠤ ᠬᠡᠯᠪᠡᠷᠢ᠂ ᠬᠥᠳᠡᠯᠭᠡᠭᠡᠨ ᠤ ᠬᠡᠮᠵᠢᠶ᠎ᠡ ᠪᠠ ᠬᠥᠳᠡᠯᠭᠡᠭᠡᠨ ᠤ ᠴᠠᠭ ᠢ ᠰᠣᠩᠭᠤᠬᠤ ᠶᠢ ᠲᠣᠭᠲᠠᠭᠠᠨ᠎ᠠ᠃ | ᠬᠠᠪᠤᠷ ᠤᠨ ᠬᠦᠢᠳᠡᠨ᠂ ᠭᠦᠶᠦᠬᠦ ᠳᠤ ᠶᠠᠭᠤ ᠶᠢ ᠠᠩᠬᠠᠷᠬᠤ ᠴᠢᠬᠤᠯᠠ ᠲᠠᠢ ᠪᠣᠢ | ᠬᠠᠪᠤᠷ ᠪᠣᠯᠤᠭᠰᠠᠨ ᠴᠤ᠂ ᠵᠠᠷᠢᠮ ᠭᠠᠵᠠᠷ ᠤᠨ ᠬᠡᠷ ᠤᠨ ᠭᠠᠳᠠᠨᠠᠬᠢ ᠳᠤᠯᠠᠭᠠᠨ ᠤ ᠬᠡᠮᠵᠢᠶ᠎ᠡ ᠮᠥᠨ ᠯᠡ | ᠳᠣᠤᠷ᠎ᠠ ᠪᠠᠶᠢᠭᠰᠠᠭᠠᠷ᠂ ᠬᠠᠮᠤᠭ ᠳᠣᠤᠷ᠎ᠠ ᠳᠤᠯᠠᠭᠠᠨ ᠤ ᠬᠡᠮᠵᠢᠶ᠎ᠡ ᠨᠢ 0℃ ᠠᠴᠠ ᠳᠣᠷᠣᠭᠰᠢ ᠪᠠᠶᠢᠨ᠎ᠠ᠃ ᠪᠡᠶ᠎ᠡ ᠶᠢᠨ | ᠲᠠᠮᠢᠷ ᠤᠨ ᠬᠥᠳᠡᠯᠭᠡᠭᠡᠨ ᠢ ᠨᠡᠩ ᠰᠠᠶᠢᠨ ᠬᠢᠵᠦ᠂ ᠤᠳᠠᠭᠠᠨ ᠳᠠᠭᠠᠭᠠᠮᠠᠭᠠᠶ ᠪᠠᠶᠢᠯᠭᠠᠬᠤ ᠶᠢᠨ ᠲᠥᠯᠥᠭᠡ᠂ | ᠴᠢᠨᠠᠭᠰᠢᠯᠠᠪᠠᠯ ᠬᠠᠬᠢᠷ ᠬᠦᠢᠳᠡᠨ ᠦᠶ᠎ᠡ ᠳᠤ ᠴᠦ ︽ᠬᠥᠳᠡᠯᠭᠡᠭᠡᠨ ᠬᠢᠬᠦ ᠦᠭᠡᠢ︾ ᠭᠡᠳᠡᠭ ᠲᠤ ᠰᠢᠯᠲᠠᠭ ᠦᠯᠡᠳᠡᠭᠡᠬᠦ | ᠦᠭᠡᠢ ᠪᠠᠶᠢᠬᠤ ᠶᠢᠨ ᠲᠥᠯᠥᠭᠡ᠂ ᠪᠢᠳᠡ ᠵᠥᠪᠬᠡᠨ ᠬᠤᠪᠴᠠᠰᠤ ᠬᠤᠨᠠᠷ ᠤᠨ ᠲᠠᠯ᠎ᠠ ᠪᠠᠷ ᠪᠡᠯᠡᠳᠬᠡᠯ ᠬᠢᠪᠡᠯ ᠡᠪᠦᠯ | ᠬᠠᠪᠤᠷ ᠤᠨ ᠤᠯᠠᠷᠢᠯ ᠤᠨ ᠪᠡᠶ᠎ᠡ ᠶᠢᠨ ᠲᠠᠮᠢᠷ ᠤᠨ ᠬᠥᠳᠡᠯᠭᠡᠭᠡᠨ ᠤ ᠰᠣᠯᠢᠯᠴᠠᠭ᠎ᠠ ᠶᠢ ᠤᠷᠤᠭᠰᠢᠲᠠᠶ ᠪᠡᠶᠡᠯᠡᠭᠦᠯᠵᠦ | ᠴᠢᠳᠠᠨ᠎ᠠ᠃ | ᠥᠷᠯᠥᠭᠡ ᠡᠷᠲᠡ ᠶᠢᠨ ᠠᠭᠠᠷ ᠤᠨ ᠳᠤᠯᠠᠭᠠᠨ ᠨᠡᠯᠢᠶᠡᠳ ᠳᠣᠣᠷ᠎ᠠ ᠤᠴᠢᠷ ᠠᠴᠠ ᠬᠦᠢᠲᠡᠨ ᠢ ᠰᠡᠷᠭᠡᠶᠢᠯᠡᠵᠦ | ᠳᠤᠯᠠᠭᠠᠨ ᠢ ᠬᠠᠮᠠᠭᠠᠯᠠᠬᠤ ᠠᠰᠠᠭᠤᠳᠠᠯ ᠢ ᠰᠢᠢᠳᠪᠦᠷᠢᠯᠡᠬᠦ ᠴᠢᠬᠤᠯᠠᠲᠠᠶ᠃ ᠤᠷᠢᠳ ᠢᠶᠠᠷ ᠨᠢᠭᠡ ᠪᠡᠶ᠎ᠡ ᠪᠠᠷᠢᠭᠤ | ᠬᠤᠪᠴᠠᠰᠤ ᠡᠮᠦᠰᠴᠦ᠂ ᠪᠤᠯᠴᠢᠩ ᠮᠢᠬ᠎ᠠ ᠶᠢ ᠪᠠᠬᠢᠯᠡᠨ ᠲᠣᠭᠲᠠᠭᠠᠬᠤ ᠮᠥᠷᠲᠡᠭᠡᠨ ᠳᠤᠯᠠᠭᠠᠯᠠᠬᠤ ᠦᠢᠯᠡᠳᠦᠯ ᠲᠠᠢ᠂ | ᠳᠠᠬᠢᠭᠠᠳ ᠨᠢᠭᠡ ᠨᠢᠮᠭᠡᠨ ᠪᠡᠶ᠎ᠡ ᠲᠠᠮᠢᠷ ᠤᠨ ᠥᠮᠥᠳᠥ ᠪᠠ ᠨᠢᠭᠡ ᠵᠤᠵᠠᠭᠠᠨ ᠪᠡᠶ᠎ᠡ ᠲᠠᠮᠢᠷ ᠤᠨ ᠬᠤᠪᠴᠠᠰᠤ ᠡᠮᠦᠰᠴᠦ᠂ | ᠨᠢᠭᠡ ᠨᠢᠮᠭᠡᠨ ᠬᠦᠵᠦᠭᠦᠨ ᠤ ᠣᠷᠢᠶᠠᠯᠲᠠ ᠣᠷᠢᠶᠠᠵᠤ᠂ ᠨᠢᠭᠡ ᠵᠤᠵᠠᠭᠠᠨ ᠠᠭᠤᠯᠠ ᠠᠪᠠᠷᠢᠬᠤ ᠪᠡᠭᠡᠯᠡᠶ ᠵᠡᠭᠦᠵᠦ᠂ ᠨᠢᠭᠡ | ᠵᠤᠵᠠᠭᠠᠨ ᠪᠡᠶ᠎ᠡ ᠲᠠᠮᠢᠷ ᠤᠨ ᠣᠶᠢᠮᠣᠰᠤ ᠡᠮᠦᠰᠦᠨ᠎ᠡ᠃ ᠬᠡᠷᠪᠡ ᠰᠠᠯᠬᠢ ᠲᠠᠢ᠂ ᠠᠭᠠᠷ ᠤᠨ ᠳᠤᠯᠠᠭᠠᠨ ᠳᠣᠣᠷ᠎ᠠ ᠡᠳᠦᠷ | ᠲᠣᠬᠢᠶᠠᠯᠳᠤᠪᠠᠯ᠂ ᠪᠠᠰᠠ ᠨᠢᠭᠡ ᠨᠣᠣᠰᠣᠨ ᠮᠠᠯᠠᠭᠠᠶ ᠡᠮᠦᠰᠦᠨ᠎ᠡ᠃ | ᠡᠨᠡ ᠬᠦ ︽ᠬᠤᠪᠴᠠᠰᠤ ᠬᠤᠨᠠᠷ︾ ᠨᠢ -10℃ ᠣᠷᠴᠢᠮ ᠤᠨ ᠠᠭᠠᠷ ᠤᠨ ᠳᠤᠯᠠᠭᠠᠨ ᠢ ᠪᠦᠷᠢᠮᠦᠰᠦᠨ | ᠠᠷᠭᠠᠴᠠᠵᠤ ᠲᠠᠶᠢᠯᠤᠨ᠎ᠠ᠃ ᠬᠡᠷᠪᠡ ᠣᠯᠠᠨ ᠢᠶᠠᠷ ᠢᠶᠠᠨ ᠪᠠᠰᠠ ᠳᠠᠭᠠᠷᠠᠵᠤ ᠪᠠᠶᠢᠪᠠᠯ᠂ ᠨᠢᠮᠭᠡᠨ ᠥᠲᠥᠨ ᠡᠯᠢᠭᠡᠪᠴᠢ᠂ | ᠮᠠᠯᠠᠭᠠᠶ ᠶᠢᠨ ᠳᠡᠪᠡᠯ ᠵᠡᠷᠭᠡ ᠳᠤᠯᠠᠭᠠᠨ ᠲᠠᠮᠢᠷ ᠤᠨ ᠬᠤᠪᠴᠠᠰᠤ ᠶᠢ ᠰᠣᠩᠭᠤᠵᠤ ᠪᠣᠯᠤᠨ᠎ᠠ᠃ ᠡᠶᠢᠮᠦ ᠠᠴᠠ ᠣᠨᠴᠠᠭᠠᠶ | ᠴᠠᠭ ᠠᠭᠤᠷ ᠲᠣᠬᠢᠶᠠᠯᠳᠤᠬᠤ ᠥᠬᠡᠶ ᠯᠡ ᠶᠤᠮ ᠪᠣᠯ᠂ ᠪᠡᠶ᠎ᠡ ᠳᠡᠭᠡᠨ ᠳᠣᠭᠢᠷᠠᠭᠰᠠᠨ ᠳᠤᠯᠠᠭᠠᠨ ᠪᠡᠶ᠎ᠡ ᠶᠢᠨ ᠲᠠᠮᠢᠷ ᠤᠨ | ᠬᠤᠪᠴᠠᠰᠤ ᠶᠢ ᠰᠣᠩᠭᠤᠪᠠᠯ ᠪᠣᠯᠴᠢᠬᠠᠨ᠎ᠠ᠂ ᠡᠨᠡ ᠨᠢ ᠭᠦᠶᠦᠬᠦ ᠶᠢ ᠨᠥᠯᠥᠭᠡᠯᠡᠬᠦ ᠥᠬᠡᠶ ᠮᠥᠷᠲᠡᠭᠡᠨ ᠬᠦᠢᠲᠡᠨ ᠢ ᠴᠦ | ᠰᠡᠷᠭᠡᠶᠢᠯᠡᠵᠦ ᠴᠢᠳᠠᠨ᠎ᠠ᠃ | | ᠢᠷᠡᠯᠲᠡ᠄ ᠡᠷᠡᠭᠦᠯ ᠴᠢᠬᠢᠷᠠᠭ ᠳᠤᠮᠳᠠᠳᠤ ᠤᠯᠤᠰ | ᠤᠷᠴᠢᠭᠤᠯᠤᠭᠴᠢ᠄ ᠨᠠᠷᠠᠰᠤ | ᠬᠢᠨᠠᠨ ᠬᠠᠷᠭᠤᠭᠤᠯᠤᠭᠴᠢ᠄ ᠮᠥᠩᠭᠦᠨᠰᠤᠶᠢᠬᠡ |