ᠰᠤᠮᠤᠨ ᠠᠭᠤᠯᠠ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠯᠠᠭᠠᠨᠴᠠᠪ ᠬᠤᠲᠠ ᠶᠢᠨ | ᠰᠢᠩ ᠾᠧ ᠰᠢᠶᠠᠨ ᠳᠤ ᠪᠠᠶᠢᠷᠢᠯᠠᠵᠤ᠂ ᠡᠮᠦᠨ᠎ᠡ ᠲᠠᠯ᠎ᠠ ᠨᠢ ᠱᠠᠨ ᠰᠢ ᠮᠤᠵᠢ ᠶᠢᠨ ᠶᠠᠩᠭᠤᠤ᠂ ᠲᠢᠶᠠᠨ ᠵᠧᠨ | ᠰᠢᠶᠠᠨ ᠲᠠᠢ ᠵᠠᠬ᠎ᠠ ᠨᠡᠶᠢᠯᠡᠵᠦ᠂ ᠪᠠᠷᠠᠭᠤᠨ ᠲᠠᠯ᠎ᠠ ᠨᠢ ᠹᠧᠩᠵᠧᠨ ᠬᠤᠲᠠ ᠲᠠᠢ ᠬᠥᠷᠰᠢᠯᠡᠵᠦ᠂ ᠱᠠᠨ ᠰᠢ᠂ ᠾᠤᠪᠸᠢ᠂ | ᠮᠣᠩᠭᠤᠯ ᠭᠤᠷᠪᠠᠨ ᠮᠤᠵᠢ ︵ᠣᠷᠣᠨ︶ ᠶᠢᠨ ᠠᠭᠤᠯᠵᠠᠷ ᠭᠠᠵᠠᠷ ᠪᠣᠯᠤᠨ᠎ᠠ᠃ | | | ᠰᠤᠮᠤᠨ ᠠᠭᠤᠯᠠ ᠶᠢᠨ ᠵᠤᠨ ᠤ ᠳᠤᠮᠳᠠᠴᠢ ᠠᠭᠠᠷ ᠤᠨ ᠳᠤᠯᠠᠭᠠᠨ ᠨᠢ 19.9 ᠭᠷᠠᠳᠦ᠋ᠰ ᠯᠡ ᠪᠠᠶᠢᠳᠠᠭ᠃ | ᠠᠭᠤᠯᠠᠨ ᠬᠤᠷᠮᠣᠶ ᠶᠢᠨ ᠬᠥᠭᠦᠷᠭᠡᠨ ᠵᠠᠮ ᠢᠶᠠᠷ ᠨᠢᠭᠡ ᠵᠠᠮ ᠥᠨᠳᠥᠷ ᠲᠤ ᠠᠪᠠᠷᠢᠬᠤ ᠳᠤ᠂ ᠠᠭᠤᠯᠠ ᠶᠢᠨ ᠳᠤᠮᠳᠠ | ᠳᠠᠪᠬᠤᠷᠭ᠎ᠠ ᠶᠢᠨ ᠣᠶ ᠰᠢᠭᠤᠶ ᠳᠤ ᠪᠦᠷᠬᠦᠭᠳᠡᠵᠦ᠂ ᠭᠤᠶᠢᠳᠠ ᠰᠠᠶᠢᠬᠠᠨ ᠢᠶᠠᠷ ᠢᠶᠠᠨ᠂ ᠪᠣᠯᠵᠣᠮᠣᠷ ᠰᠢᠪᠠᠭᠤ | ᠳᠣᠩᠭᠤᠳᠴᠤ ᠴᠡᠴᠡᠭ ᠳᠡᠯᠭᠡᠷᠡᠨ᠂ ᠨᠠᠷᠢᠨ ᠤᠰᠤ ᠭᠤᠷᠴᠢᠭᠢᠨᠠᠨ᠂ ᠨᠠᠷᠠᠰᠤᠨ ᠤ ᠲᠠᠭᠤᠨ ᠳᠠᠪᠠᠯᠭᠠᠯᠠᠨ ᠳᠠᠪᠠᠯᠭᠠᠯᠠᠵᠤ | ᠂ ᠠᠯᠬᠤᠯᠠᠨ ᠠᠯᠬᠤᠵᠤ ᠦᠵᠡᠮᠵᠢ ᠪᠠᠨ ᠰᠣᠯᠢᠵᠤ᠂ ᠭᠤᠶᠢᠳᠠ ᠰᠠᠶᠢᠬᠠᠨ ᠨᠠᠮᠤᠷ ᠤᠨ ᠥᠩᠭᠡ ᠨᠢᠳᠦᠨ ᠤ | ᠢᠷᠣᠭᠠᠷ ᠲᠤ ᠣᠶᠢᠷᠠᠳᠴᠠᠶ᠃ | | | 2023 ᠣᠨ ᠤ 10 ᠰᠠᠷ᠎ᠠ ᠶᠢᠨ 23 ᠤ ᠡᠳᠦᠷ ᠤᠨ ᠦᠳᠡ ᠶᠢᠨ ᠡᠮᠦᠨᠡᠬᠢ 9᠄ 00 — 14᠄ 00 | ᠴᠠᠭ ᠲᠤ ᠤᠯᠠᠭᠠᠨᠴᠠᠪ ᠬᠤᠲᠠ ᠶᠢᠨ ᠰᠢᠩ ᠾᠧ ᠰᠢᠶᠠᠨ ᠤ ᠰᠤᠮᠤᠨ ᠠᠭᠤᠯᠠ ᠶᠢᠨ ᠣᠶ ᠰᠢᠭᠤᠶ ᠶᠢᠨ | ᠴᠡᠴᠡᠷᠯᠢᠭ ᠲᠤ᠂ ᠤᠯᠠᠭᠠᠨᠴᠠᠪ ᠤᠨ ︽ᠣᠶ ᠰᠢᠭᠤᠶ ᠶᠢᠨ ᠬᠥᠭ ᠠᠶᠠᠰ︾ ᠰᠤᠮᠤᠨ ᠠᠭᠤᠯᠠ ᠶᠢᠨ ᠶᠢᠰᠦᠨ | ᠰᠠᠷ᠎ᠠ ᠶᠢᠨ ᠶᠢᠰᠦᠨ ᠤ ᠠᠭᠤᠯᠠ ᠠᠪᠠᠷᠢᠬᠤ ᠤᠯᠠᠷᠢᠯ ᠤᠨ ᠬᠦᠳᠡᠯᠭᠡᠭᠡᠨ ᠥᠷᠨᠢᠭᠦᠯᠬᠦ ᠪᠠᠷ ᠪᠣᠶ᠃ | | | ᠰᠤᠮᠤᠨ ᠠᠭᠤᠯᠠ ᠪᠣᠯ ᠥᠪᠥᠷ ᠮᠣᠩᠭᠤᠯ ᠤᠨ ᠳᠤᠮᠳᠠ ᠪᠠᠷᠠᠭᠤᠨ ᠬᠡᠰᠡᠭ ᠤᠨ ᠭᠠᠵᠠᠷ ᠣᠷᠣᠨ ᠤ ᠬᠠᠮᠤᠭ ᠤᠨ | ᠲᠣᠮᠣ ᠲᠠᠷᠢᠮᠠᠯ ᠣᠶ ᠰᠢᠭᠤᠶ ᠶᠢᠨ ᠲᠠᠯᠠᠪᠠᠶ ᠪᠣᠯᠬᠤ ᠪᠥᠭᠡᠳ ᠪᠠᠰᠠ ᠴᠤ ᠤᠮᠠᠷᠠᠲᠤ ᠣᠷᠣᠨ ᠤ ᠬᠠᠮᠤᠭ ᠤᠨ ᠲᠣᠮᠣ | ᠨᠠᠪᠴᠢ ᠵᠤᠯᠭᠠᠷᠠᠬᠤ ᠨᠠᠷᠠᠰᠤᠨ ᠣᠶ ᠪᠣᠯᠤᠨ᠎ᠠ᠃ ᠠᠳᠡ 20.5 ᠲᠦᠮᠡᠨ ᠮᠥ ᠣᠶ ᠰᠢᠭᠤᠶ ᠲᠠᠢ᠂ 1000 ᠭᠠᠷᠤᠶ | ᠲᠦᠮᠡᠨ ᠰᠠᠭᠤᠷᠢ ᠣᠶ ᠮᠣᠳᠣ ᠲᠠᠢ᠂ ᠪᠢᠯᠢᠭ ᠬᠦᠴᠢᠯᠲᠥ᠋ᠷᠥᠭᠴᠢ ᠶᠢᠨ ᠢᠶᠣᠨ ᠨᠢ 5800/m ᠠᠴᠠ ᠳᠡᠭᠡᠭᠰᠢ | ᠪᠠᠶᠢᠵᠤ᠂ ︽ᠪᠠᠶᠢᠭᠠᠯᠢ ᠶᠢᠨ ᠬᠦᠴᠢᠯᠲᠥ᠋ᠷᠥᠭᠴᠢ ᠶᠢᠨ ᠪᠠᠭᠠᠷ︾ ᠭᠡᠳᠡᠭ ᠨᠡᠷ᠎ᠡ ᠲᠠᠢ ᠶᠤᠮ᠃ | ᠰᠤᠮᠤᠨ ᠠᠭᠤᠯᠠᠨ ᠤ ᠵᠡᠭᠦᠨ ᠪᠠᠷᠠᠭᠤᠨ ᠣᠷᠳᠣ ᠨᠢ 35 ᠺᠢᠯᠣᠮᠧᠲᠷ᠂ ᠡᠮᠦᠨ᠎ᠡ ᠤᠮᠠᠷ᠎ᠠ ᠶᠢᠨ ᠥᠷᠭᠡᠨ ᠨᠢ | 19 ᠺᠢᠯᠣᠮᠧᠲᠷ᠃ ᠣᠶ ᠰᠢᠭᠤᠶ ᠶᠢᠨ ᠪᠦᠷᠬᠦᠴᠡ ᠶᠢᠨ ᠨᠣᠷᠮ᠎ᠠ 74.8% ᠪᠠᠶᠢᠵᠤ᠂ ᠲᠡᠯᠡᠶ ᠶᠢᠨ ᠲᠦᠪᠰᠢᠨ ᠠᠴᠠ | ᠳᠤᠮᠳᠠᠴᠢ ᠪᠠᠷ 2000 ᠮᠧᠲᠷ ᠠᠴᠠ ᠳᠡᠭᠡᠭᠰᠢ ᠡᠷᠭᠦᠭᠳᠡᠵᠦ᠂ ᠬᠠᠮᠤᠭ ᠤᠨ ᠥᠨᠳᠥᠷ ᠴᠡᠭ ᠨᠢ 2334.7 ᠮᠧᠲᠷ | ᠪᠠᠶᠢᠵᠤ᠂ ᠤᠯᠠᠭᠠᠨᠴᠠᠪ ᠬᠤᠲᠠ ᠶᠢᠨ ︽ᠵᠦᠮᠤᠯᠠᠩ ᠤᠨ ᠣᠷᠭᠢᠯ︾ ᠪᠣᠯᠤᠨ᠎ᠠ᠃ | | | ᠢᠷᠡᠯᠲᠡ᠄ ᠠᠮᠢᠵᠢᠷᠠᠯ ᠤᠨ ᠬᠦᠴᠦᠨ ᠲᠠᠢ ᠰᠢᠩ ᠾᠧ | ᠤᠷᠴᠢᠭᠤᠯᠤᠭᠴᠢ᠄ ᠮᠥᠩᠭᠦᠨᠰᠤᠶᠢᠬᠡ | ᠬᠢᠨᠠᠨ ᠬᠠᠷᠭᠤᠭᠤᠯᠤᠭᠴᠢ᠄ ᠮᠥᠩᠭᠦᠨᠰᠤᠶᠢᠬᠡ |