ᠰᠢᠨ᠎ᠡ ᠲᠢᠲᠢᠮ ᠤᠨ ᠸᠢᠷᠦ᠋ᠰ ᠨᠢ ᠲᠠᠷᠢᠬᠢᠨ ᠤ ᠴᠢᠰᠤᠨ ᠰᠤᠳᠠᠯ ᠤᠨ ᠡᠪᠡᠳᠴᠢᠨ ᠢ ᠬᠦᠨᠳᠦᠷᠡᠭᠦᠯᠳᠡᠭ ᠤᠤ︖ ᠶᠠᠮᠠᠷ ᠡᠪᠡᠳᠴᠢᠨ ᠤ ᠢᠯᠡᠷᠡᠯ ᠭᠠᠷᠪᠠᠯ ᠡᠮᠨᠡᠯᠭᠡ ᠳᠤ ᠣᠴᠢᠬᠤ ᠬᠡᠷᠡᠭᠲᠡᠶ ᠪᠣᠢ︖ ᠤᠷᠲᠤ ᠬᠤᠭᠤᠴᠠᠭ᠎ᠠ ᠪᠠᠷ ᠡᠮ ᠤᠤᠭᠤᠭᠰᠠᠨ ᠡᠪᠡᠳᠴᠢᠲᠡᠨ ᠳᠤ ᠶᠠᠮᠠᠷ ᠶᠠᠮᠠᠷ ᠴᠡᠭᠡᠷ ᠲᠠᠢ ᠪᠤᠢ ᠁  ᠲᠤᠰᠬᠠᠶ ᠮᠡᠷᠭᠡᠵᠢᠯᠲᠡᠨ ᠤ ᠬᠠᠷᠢᠭᠤᠯᠲᠠ
ᠨᠡᠶᠢᠲᠡᠯᠡᠭᠰᠡᠨ ᠴᠠᠭ᠄
2023/1/18
     ᠰᠢᠨ᠎ᠡ ᠲᠢᠲᠢᠮ ᠤᠨ ᠸᠢᠷᠦ᠋ᠰ ᠨᠢ ᠵᠢᠷᠦᠬᠡ ᠴᠢᠰᠤᠨ ᠰᠤᠳᠠᠯ ᠤᠨ ᠡᠪᠡᠳᠴᠢᠨ ᠵᠡᠷᠭᠡ ᠰᠠᠭᠤᠷᠢ ᠡᠪᠡᠳᠴᠢᠨ ᠢ ᠬᠦᠨᠳᠦᠷᠡᠭᠦᠯᠳᠡᠭ  ᠤᠤ︖      ᠡᠪᠡᠳᠴᠢᠲᠡᠨ ᠥᠪᠡᠷ ᠤᠨ ᠪᠡᠶ᠎ᠡ ᠶᠢᠨ ᠡᠷᠡᠭᠦᠯ ᠴᠢᠭᠢᠷᠠᠭ ᠤᠨ ᠪᠠᠶᠢᠳᠠᠯ ᠢᠶᠠᠨ ᠬᠡᠷᠬᠢᠨ ᠠᠩᠬᠠᠷᠬᠤ ᠪᠣᠢ︖      ᠶᠠᠮᠠᠷ ᠶᠠᠮᠠᠷ ᠡᠪᠡᠳᠴᠢᠨ ᠤ ᠢᠯᠡᠷᠡᠯ ᠭᠠᠷᠪᠠᠯ ᠡᠮᠨᠡᠯᠭᠡ ᠳᠤ ᠣᠴᠢᠵᠤ ᠡᠮᠨᠡᠭᠦᠯᠬᠦ ᠬᠡᠷᠡᠭᠲᠡᠶ ᠪᠣᠢ︖      ᠨᠢᠭᠡᠳᠦᠭᠡᠷ ᠲᠤ᠂ ᠰᠢᠨ᠎ᠡ ᠲᠢᠲᠢᠮ ᠳᠤ ᠬᠠᠯᠳᠠᠪᠤᠷᠢᠯᠠᠭᠳᠠᠭᠰᠠᠨ ᠤ ᠰᠡᠭᠦᠯᠡᠷ᠂ ᠦᠨᠳᠦᠰᠦᠨ ᠵᠢᠷᠦᠬᠡᠨ ᠡᠪᠡᠳᠴᠢᠨ ᠲᠠᠢ ᠡᠪᠡᠳᠴᠢᠲᠡᠨ᠂ ᠣᠨᠴᠠᠭᠠᠶᠢᠯᠠᠨ ᠨᠠᠰᠤ ᠠᠬᠢᠭᠰᠠᠨ ᠡᠪᠡᠳᠴᠢᠲᠡᠨ ᠤ ᠴᠢᠰᠤᠨ ᠰᠤᠳᠠᠯ ᠤᠨ ᠳᠣᠲᠣᠷ᠎ᠠ ᠠᠷᠠᠰᠤᠨ ᠤ ᠠᠵᠢᠯᠯᠠᠭ᠎ᠠ ᠰᠠᠮᠠᠭᠤᠷᠠᠵᠤ᠂ ᠴᠢᠰᠤᠨ ᠰᠤᠳᠠᠯ ᠤᠨ ᠲᠣᠯᠪᠤ ᠨᠢ ᠠᠮᠠᠷᠬᠠᠨ ᠦᠷᠪᠢᠰᠦᠯ ᠤᠨ ᠴᠢᠨᠠᠷᠲᠠᠶ ᠤᠷᠪᠠᠯ ᠡᠭᠦᠰᠬᠦ ᠪᠥᠭᠡᠳ ᠴᠢᠰᠤᠨ ᠰᠢᠭᠢᠳᠦᠭᠡᠰᠦ ᠡᠭᠦᠰᠬᠦ ᠨᠣᠷᠮ᠎ᠠ ᠨᠢ ᠴᠦ ᠥᠨᠳᠥᠷᠵᠢᠵᠦ᠂ ᠤᠤᠯ ᠤᠨ ᠦᠨᠳᠦᠰᠦᠨ ᠵᠢᠷᠦᠬᠡᠨ ᠡᠪᠡᠳᠴᠢᠨ ᠢ ᠬᠦᠨᠳᠦᠷᠡᠭᠦᠯᠵᠦ ᠮᠡᠳᠡᠨ᠎ᠡ᠃ ᠡᠨᠡ ᠨᠢ ᠴᠢᠰᠤᠨ ᠰᠤᠳᠠᠯ ᠤᠨ ᠳᠣᠲᠣᠷ᠎ᠠ ᠠᠷᠠᠰᠤᠨ ᠤ ᠠᠵᠢᠯᠯᠠᠭ᠎ᠠ ᠰᠠᠮᠠᠭᠤᠷᠠᠵᠤ᠂ ᠴᠢᠰᠤᠨ ᠰᠤᠳᠠᠯ ᠤᠨ ᠲᠣᠯᠪᠤ ᠨᠢ ᠠᠮᠠᠷᠬᠠᠨ ᠦᠷᠪᠢᠰᠦᠯ ᠤᠨ ᠴᠢᠨᠠᠷᠲᠠᠶ ᠤᠷᠪᠠᠯ ᠡᠭᠦᠰᠬᠦ ᠪᠥᠭᠡᠳ ᠴᠢᠰᠤᠨ ᠰᠢᠭᠢᠳᠦᠭᠡᠰᠦ ᠡᠭᠦᠰᠬᠦ ᠨᠣᠷᠮ᠎ᠠ ᠨᠢ ᠴᠦ ᠥᠨᠳᠥᠷᠵᠢᠵᠦ᠂ ᠤᠤᠯ ᠤᠨ ᠦᠨᠳᠦᠰᠦᠨ ᠵᠢᠷᠦᠬᠡᠨ ᠡᠪᠡᠳᠴᠢᠨ ᠢ ᠬᠦᠨᠳᠦᠷᠡᠭᠦᠯᠳᠡᠭ᠃ ᠡᠪᠡᠳᠴᠢᠲᠡᠨ ᠬᠠᠨᠢᠶᠠᠬᠤ᠂ ᠬᠠᠯᠠᠭᠤᠷᠠᠬᠤ ᠦᠶ᠎ᠡ ᠳᠤ ᠠᠮᠠᠷᠬᠠᠨ ᠴᠢᠰᠤᠨ ᠤ ᠬᠦᠴᠢᠯᠲᠥ᠋ᠷᠥᠭᠴᠢ ᠳᠣᠣᠷ᠎ᠠ ᠭᠡᠮ ᠳᠠᠪᠬᠤᠷᠯᠠᠳᠠᠭ᠂ ᠵᠠᠷᠢᠮ ᠨᠠᠰᠤ ᠠᠬᠢᠭᠰᠠᠨ ᠵᠢᠷᠦᠬᠡ ᠴᠢᠰᠤᠨ ᠰᠤᠳᠠᠯ ᠤᠨ ᠡᠪᠡᠳᠴᠢᠲᠡᠨ ᠤ ᠡᠪᠡᠳᠴᠢᠨ ᠤ ᠢᠯᠡᠷᠡᠯ ᠨᠢ ᠳᠠᠭᠤ ᠦᠭᠡᠢ ᠪᠠᠶᠢᠵᠤ᠂ ᠵᠠᠯᠠᠭᠤ ᠬᠥᠮᠦᠨ ᠤ ᠬᠢᠷᠢ ᠢᠯᠡᠷᠬᠡᠶ ᠢᠯᠡᠷᠡᠯ ᠲᠠᠢ ᠪᠢᠰᠢ ᠪᠠᠶᠢᠳᠠᠭ᠃      ᠬᠤᠶᠠᠳᠤᠭᠠᠷ ᠲᠤ᠂ ᠦᠨᠳᠦᠰᠦᠨ ᠡᠪᠡᠳᠴᠢᠲᠡᠨ ᠡᠩ ᠤᠨ ᠦᠶ᠎ᠡ ᠳᠤ ᠨᠢᠭᠡᠨᠲᠡ ᠨᠢᠭᠡ ᠪᠦᠯᠦᠭ ᠡᠮ ᠤᠤᠭᠤᠵᠤ᠂ ᠰᠢᠨ᠎ᠡ ᠲᠢᠲᠢᠮ ᠳᠤ ᠬᠠᠯᠳᠠᠪᠤᠷᠢᠯᠠᠭᠳᠠᠭᠰᠠᠨ ᠤ ᠳᠠᠷᠠᠭ᠎ᠠ ᠪᠠᠰᠠ ᠬᠠᠯᠠᠭᠤᠨ ᠢ ᠪᠠᠭᠤᠷᠠᠭᠤᠯᠬᠤ ᠡᠮ ᠵᠡᠷᠭᠡ ᠶᠢ ᠤᠤᠭᠤᠬᠤ ᠴᠢᠬᠤᠯᠠ ᠲᠠᠢ᠂ ᠬᠡᠷᠪᠡ ᠤᠰᠤ ᠪᠠᠭ᠎ᠠ ᠤᠤᠭᠤᠪᠠᠯ ᠤᠰᠤ ᠴᠠᠬᠢᠯᠭᠠᠨ ᠵᠠᠳᠠᠯᠤᠭᠳᠠᠬᠤᠨ ᠤ ᠲᠡᠩᠴᠡᠭᠦᠷᠢ ᠨᠢ ᠬᠠᠷᠰᠢ ᠰᠠᠭᠠᠳ ᠲᠤ ᠤᠴᠠᠷᠠᠵᠤ ᠮᠡᠳᠡᠨ᠎ᠡ᠃ ᠬᠠᠪᠰᠤᠷᠭᠠᠨ ᠡᠮ ᠬᠡᠷᠡᠭᠯᠡᠬᠦ ᠦᠶ᠎ᠡ ᠳᠤ ᠳᠠᠪᠬᠤᠷᠳᠠᠭᠤᠯᠤᠨ ᠡᠮ ᠬᠡᠷᠡᠭᠯᠡᠬᠦ ᠠᠰᠠᠭᠤᠳᠠᠯ ᠭᠠᠷᠳᠠᠭ᠂ ᠰᠢᠨ᠎ᠡ ᠲᠢᠲᠢᠮ ᠤᠨ ᠸᠢᠷᠦ᠋ᠰ ᠢ ᠵᠠᠰᠠᠬᠤ ᠡᠮ ᠪᠠ ᠰᠠᠭᠤᠷᠢ ᠵᠢᠷᠦᠬᠡ ᠴᠢᠰᠤᠨ ᠰᠤᠳᠠᠯ ᠤᠨ ᠡᠪᠡᠳᠴᠢᠨ ᠢ ᠵᠠᠰᠠᠬᠤ ᠡᠮ ᠤᠨ ᠦᠢᠯᠡᠳᠦᠯ ᠨᠢ ᠬᠠᠷᠢᠯᠴᠠᠨ ᠤᠰᠠᠳᠴᠤ ᠮᠡᠳᠡᠬᠦ ᠪᠥᠭᠡᠳ ᠬᠠᠷᠢᠯᠴᠠᠨ ᠨᠡᠮᠡᠭᠳᠡᠵᠦ ᠴᠦ ᠮᠡᠳᠡᠨ᠎ᠡ᠃ ᠡᠶᠢᠮᠦ ᠠᠴᠠ ᠡᠮᠴᠢ ᠶᠢᠨ ᠵᠢᠯᠣᠭᠤᠳᠣᠯᠭ᠎ᠠ ᠳᠣᠣᠷ᠎ᠠ ᠵᠣᠬᠢᠰᠲᠠᠶ ᠡᠮ ᠬᠡᠷᠡᠭᠯᠡᠬᠦ ᠬᠡᠷᠡᠭᠲᠡᠶ᠃ ᠣᠨᠴᠠᠭᠠᠶᠢᠯᠠᠨ ᠡᠮᠴᠢᠯᠡᠭᠡᠨ ᠳᠡᠭᠡᠷ᠎ᠡ ᠦᠷᠭᠦᠯᠵᠢ ᠲᠣᠬᠢᠶᠠᠯᠳᠤᠳᠠᠭ ᠵᠠᠷᠢᠮ ᠵᠢᠷᠦᠬᠡ ᠴᠢᠰᠤᠨ ᠰᠤᠳᠠᠯ ᠤᠨ ᠡᠪᠡᠳᠴᠢᠲᠡᠨ ᠰᠢᠮ᠎ᠡ ᠲᠡᠵᠢᠭᠡᠯ ᠪᠠ ᠤᠰᠤ ᠴᠠᠬᠢᠯᠭᠠᠨ ᠵᠠᠳᠠᠯᠤᠭᠳᠠᠬᠤᠨ ᠢ ᠴᠠᠭ ᠲᠤᠬᠠᠶ ᠳᠤᠨᠢ᠂ ᠵᠣᠬᠢᠬᠤ ᠬᠡᠮᠵᠢᠶ᠎ᠡ ᠪᠠᠷ ᠨᠥᠬᠦᠪᠥᠷᠢᠯᠡᠭᠰᠡᠨ ᠦᠭᠡᠢ ᠠᠴᠠ ᠪᠣᠯᠵᠤ ᠨᠠᠲᠷᠢ ᠳᠣᠣᠷ᠎ᠠ ᠴᠢᠰᠤᠨ ᠭᠡᠮ᠂ ᠺᠠᠯᠢᠲᠤ ᠳᠣᠣᠷ᠎ᠠ ᠴᠢᠰᠤᠨ ᠭᠡᠮ᠂ ᠵᠣᠬᠢᠬᠤ ᠬᠡᠮᠵᠢᠶᠡᠨ ᠤ ᠤᠰᠤ ᠠᠯᠳᠠᠬᠤ ᠵᠡᠷᠭᠡ ᠪᠠᠶᠢᠳᠠᠯ ᠭᠠᠷᠳᠠᠭ᠃ ᠡᠶᠢᠮᠦ ᠠᠴᠠ ᠰᠢᠮ᠎ᠡ ᠲᠡᠵᠢᠭᠡᠯ ᠢ ᠲᠡᠩᠴᠡᠭᠦᠷᠢᠲᠡᠶ ᠪᠠᠶᠢᠯᠭᠠᠬᠤ ᠨᠢ ᠲᠦᠢᠯ ᠤᠨ ᠴᠢᠬᠤᠯᠠ ᠶᠤᠮ᠂ ᠣᠨᠴᠠᠭᠠᠶᠢᠯᠠᠨ ᠨᠠᠰᠤᠲᠠᠶᠢᠴᠤᠳ ᠲᠤ ᠠᠪᠴᠤ ᠬᠡᠯᠡᠪᠡᠯ ᠨᠡᠩ ᠴᠢᠬᠤᠯᠠ ᠶᠤᠮ᠃ ᠨᠠᠰᠤᠲᠠᠶᠢᠴᠤᠳ ᠤᠨ ᠬᠤᠭᠤᠯᠠᠨ ᠰᠢᠷᠡᠭᠡᠨ ᠳᠡᠭᠡᠷ᠎ᠡ ᠢᠳᠡᠵᠦ ᠪᠠᠶᠢᠭ᠎ᠠ ᠨᠢ ᠶᠠᠭᠤ ᠪᠣᠯᠬᠤ᠂ ᠡᠳᠦᠷ ᠲᠤ ᠬᠡᠳᠦᠶ ᠢᠳᠡᠬᠦ᠂ ᠰᠢᠩᠭᠡᠭᠡᠬᠦ ᠳᠤ ᠬᠢᠷᠢ ᠵᠡᠷᠭᠡ ᠪᠠᠶᠢᠬᠤ᠂ ᠪᠣᠳᠠᠰ ᠤᠨ ᠰᠣᠯᠢᠯᠴᠠᠭ᠎ᠠ ᠬᠢᠬᠦ ᠪᠠ ᠭᠠᠳᠠᠭᠰᠢᠯᠠᠭᠤᠯᠬᠤ ᠳᠤ ᠬᠡᠳᠦᠶ ᠵᠡᠷᠭᠡ ᠠᠰᠠᠭᠤᠳᠠᠯ ᠨᠢ ᠵᠢᠷᠦᠬᠡ ᠴᠢᠰᠤᠨ ᠰᠤᠳᠠᠯ ᠤᠨ ᠡᠪᠡᠳᠴᠢᠨ ᠢ ᠬᠢᠵᠠᠭᠠᠷᠯᠠᠬᠤ ᠳᠤ ᠨᠡᠯᠢᠶᠡᠳ ᠶᠡᠭᠡ ᠬᠠᠪᠰᠤᠷᠤᠮᠵᠢ ᠪᠣᠯᠬᠤ ᠶᠢ ᠮᠡᠳᠡᠪᠡᠯ ᠵᠣᠬᠢᠨ᠎ᠠ᠃ ᠵᠢᠷᠦᠬᠡ ᠴᠢᠰᠤᠨ ᠰᠤᠳᠠᠯ ᠤᠨ ᠰᠠᠭᠤᠷᠢ ᠡᠪᠡᠳᠴᠢᠨ ᠲᠠᠢ ᠡᠪᠡᠳᠴᠢᠲᠡᠨ ᠬᠡᠷᠪᠡ ᠰᠢᠨ᠎ᠡ ᠲᠢᠲᠢᠮ ᠤᠨ ᠸᠢᠷᠦ᠋ᠰ ᠲᠤ ᠨᠡᠷᠪᠡᠭᠳᠡᠪᠡᠯ ︽ᠬᠦᠯᠢᠶᠡᠬᠦ᠂ ᠤᠳᠠᠭᠠᠰᠢᠷᠠᠭᠤᠯᠬᠤ᠂ ᠬᠤᠷᠣᠭᠳᠠᠭᠤᠯᠬᠤ︾ ᠥᠬᠡᠶ ᠪᠠᠶᠢᠵᠤ ᠪᠣᠯᠬᠤ ᠥᠬᠡᠶ᠂ ᠵᠠᠪᠠᠯ ᠴᠠᠭ ᠲᠤᠬᠠᠶ ᠳᠤᠨᠢ ᠡᠮᠨᠡᠨ ᠵᠠᠰᠠᠬᠤ ᠶᠢᠨ ᠬᠠᠮᠲᠤ ᠡᠮᠴᠢ ᠶᠢᠨ ᠵᠢᠯᠣᠭᠤᠳᠣᠯᠭ᠎ᠠ ᠳᠣᠤᠷ᠎ᠠ ᠵᠦᠶ ᠵᠣᠬᠢᠰᠲᠠᠶ ᠡᠮ ᠬᠡᠷᠡᠭᠯᠡᠬᠦ ᠬᠡᠷᠡᠭᠲᠡᠶ᠃      ᠤᠷᠲᠤ ᠬᠤᠭᠤᠴᠠᠭ᠎ᠠ ᠪᠠᠷ ᠡᠮ ᠤᠤᠭᠤᠭᠰᠠᠨ ᠵᠢᠷᠦᠬᠡ ᠲᠠᠷᠢᠬᠢᠨ ᠤ ᠴᠢᠰᠤᠨ ᠰᠤᠳᠠᠯ ᠤᠨ ᠡᠪᠡᠳᠴᠢᠲᠡᠨ ᠰᠢᠨ᠎ᠡ ᠲᠢᠲᠢᠮ ᠳᠤ ᠬᠠᠯᠳᠠᠪᠤᠷᠢᠯᠠᠭᠳᠠᠭᠰᠠᠨ ᠤ ᠳᠠᠷᠠᠭ᠎ᠠ᠂ ᠥᠪᠡᠷᠲᠡᠭᠡᠨ ᠡᠮ ᠤᠤᠭᠤᠬᠤ ᠦᠶᠡᠰ ᠶᠠᠮᠠᠷ ᠶᠠᠮᠠᠷ ᠴᠡᠭᠡᠷᠯᠡᠯ ᠪᠠ ᠠᠩᠬᠠᠷᠬᠤ ᠵᠦᠢᠯ ᠪᠠᠶᠢᠬᠤ ᠪᠣᠢ︖      ᠲᠢᠲᠢᠮ ᠰᠤᠳᠠᠯ ᠤᠨ ᠲᠤᠯᠬᠤ ᠵᠢᠶᠠᠰᠠ ᠪᠤᠶᠤ ᠲᠢᠲᠢᠮ ᠰᠤᠳᠠᠯ ᠤᠨ ᠬᠥᠭᠦᠷᠭᠡ ᠲᠠᠯᠪᠢᠵᠤ ᠥᠩᠭᠡᠷᠡᠭᠰᠡᠨ ᠡᠪᠡᠳᠴᠢᠲᠡᠨ ᠪᠦᠷ ᠲᠣᠭᠲᠠᠭᠠᠯ ᠶᠣᠰᠣᠭᠠᠷ ᠴᠢᠰᠤᠨ ᠢᠯᠲᠠᠰᠤ ᠶᠢ ᠡᠰᠡᠷᠭᠦᠴᠡᠬᠦ ᠡᠮ ᠢ ᠤᠤᠭᠤᠬᠤ ᠪᠤᠶᠤ ᠬᠤᠪᠢ ᠬᠥᠮᠦᠨ ᠤ ᠪᠠᠶᠢᠳᠠᠯ ᠢ ᠦᠨᠳᠦᠰᠦᠯᠡᠨ ᠨᠡᠮᠡᠵᠦ ᠬᠠᠰᠤᠨ᠎ᠠ᠃ ᠭᠡᠷ ᠤᠨ ᠴᠡᠴᠡᠷᠡᠯᠲᠡ ᠶᠢᠨ ᠡᠪᠡᠳᠴᠢᠲᠡᠨ ᠳᠤ ᠪᠠᠰᠠ ᠡᠭᠡᠳᠡᠬᠦ ᠶᠢ ᠡᠰᠡᠷᠭᠦᠴᠡᠬᠦ ᠡᠮ ᠢ ᠤᠷᠲᠤ ᠬᠤᠭᠤᠴᠠᠭ᠎ᠠ ᠪᠠᠷ ᠬᠡᠷᠡᠭᠯᠡᠬᠦ ᠠᠰᠠᠭᠤᠳᠠᠯ ᠪᠠᠶᠢᠳᠠᠭ᠃ ᠠᠰᠫᠢᠷᠢᠨ ᠢ ᠵᠠᠷᠢᠮ ᠰᠠᠯᠢᠼᠢᠯ ᠬᠦᠴᠢᠯ ᠤᠨ ᠬᠠᠯᠠᠭᠤᠨ ᠢ ᠪᠠᠭᠤᠷᠠᠭᠤᠯᠬᠤ ᠡᠮ ᠲᠠᠢ ᠬᠠᠮᠲᠤ ᠤᠤᠭᠤᠪᠠᠯ ᠳᠠᠪᠬᠤᠴᠠᠬᠤ ᠦᠢᠯᠡᠳᠦᠯ ᠲᠠᠢ᠂ ᠡᠶᠢᠮᠦ ᠠᠴᠠ ᠡᠮ ᠤᠨ ᠬᠡᠮᠵᠢᠶ᠎ᠡ ᠶᠢ ᠵᠠᠪᠠᠯ ᠰᠠᠶᠢᠲᠤᠷ ᠡᠵᠡᠮᠰᠢᠬᠦ ᠬᠡᠷᠡᠭᠲᠡᠶ᠂ ᠬᠤᠶᠠᠷ ᠵᠦᠢᠯ ᠤᠨ ᠠᠳᠠᠯᠢᠪᠲᠤᠷ ᠡᠮ ᠢ ᠳᠠᠪᠬᠤᠴᠠᠭᠤᠯᠪᠠᠯ ᠠᠮᠠᠷᠬᠠᠨ ᠤᠰᠤ ᠠᠯᠳᠠᠨ᠎ᠠ᠂ ᠡᠮ ᠤᠨ ᠬᠡᠮᠵᠢᠶ᠎ᠡ ᠬᠡᠲᠦᠷᠬᠡᠶ ᠶᠡᠭᠡ ᠪᠣᠯᠪᠠᠯ ᠤᠰᠤ ᠴᠠᠬᠢᠯᠭᠠᠨ ᠵᠠᠳᠠᠯᠤᠭᠳᠠᠬᠤᠨ ᠤ ᠲᠡᠩᠴᠡᠭᠦᠷᠢ ᠶᠢ ᠰᠠᠮᠠᠭᠤᠷᠠᠭᠤᠯᠤᠨ᠎ᠠ᠃      ᠴᠢᠰᠤᠨ ᠳᠠᠷᠤᠯᠲᠠ ᠥᠨᠳᠥᠷ ᠡᠪᠡᠳᠴᠢᠲᠡᠨ ᠬᠠᠯᠠᠭᠤᠷᠠᠬᠤ ᠦᠶ᠎ᠡ ᠳᠤ᠂ ᠬᠠᠯᠠᠭᠤᠨ ᠢ ᠪᠠᠭᠤᠷᠠᠭᠤᠯᠬᠤ ᠡᠮ ᠤᠤᠭᠤᠪᠠᠯ ᠴᠢᠰᠤᠨ ᠳᠠᠷᠤᠯᠲᠠ ᠳᠤ ᠬᠡᠯᠪᠡᠯᠵᠡᠯ ᠪᠠ ᠬᠤᠪᠢᠷᠠᠯᠲᠠ ᠭᠠᠷᠤᠨ᠎ᠠ᠂ ᠴᠢᠰᠤᠨ ᠳᠠᠷᠤᠯᠲᠠ ᠶᠢᠨ ᠬᠤᠪᠢᠷᠠᠯᠲᠠ ᠶᠢ ᠳᠠᠭᠠᠯᠳᠤᠨ ᠲᠠᠰᠤᠷᠠᠯᠲᠠ ᠦᠭᠡᠢ ᠨᠡᠮᠡᠵᠦ ᠬᠠᠰᠤᠬᠤ ᠪᠤᠶᠤ ᠡᠮ ᠢᠶᠠᠨ ᠲᠣᠬᠢᠷᠠᠭᠤᠯᠤᠨ᠎ᠠ᠂ ᠵᠣᠬᠢᠰᠲᠠᠶ ᠡᠮ ᠬᠡᠷᠡᠭᠯᠡᠬᠦ ᠪᠣᠯ ᠵᠢᠷᠦᠬᠡ ᠲᠠᠷᠢᠬᠢᠨ ᠤ ᠴᠢᠰᠤᠨ ᠰᠤᠳᠠᠯ ᠤᠨ ᠡᠪᠡᠳᠴᠢᠨ ᠡᠭᠦᠰᠬᠦ ᠶᠢ ᠪᠠᠭᠠᠰᠬᠠᠬᠤ ᠶᠢᠨ ᠵᠠᠩᠭᠢᠯᠠᠭ᠎ᠠ ᠪᠣᠯᠤᠨ᠎ᠠ᠃ ᠭᠡᠷ ᠲᠡᠭᠡᠨ ᠡᠮ ᠬᠡᠷᠡᠭᠯᠡᠬᠦ ᠦᠶ᠎ᠡ ᠳᠤ᠂ ᠵᠢᠷᠦᠬᠡ ᠴᠢᠰᠤᠨ ᠰᠤᠳᠠᠯ ᠤᠨ ᠡᠪᠡᠳᠴᠢᠲᠡᠨ ᠶᠡᠷᠦ ᠳᠡᠭᠡᠨ ᠣᠯᠠᠨ ᠵᠦᠢᠯ ᠤᠨ ᠡᠮ ᠢ ᠬᠡᠷᠡᠭᠯᠡᠳᠡᠭ᠂ ᠡᠳᠡᠭᠡᠷ ᠡᠮ ᠨᠢ ᠰᠢᠨ᠎ᠡ ᠲᠢᠲᠢᠮ ᠢ ᠵᠠᠰᠠᠬᠤ ᠡᠮ ᠲᠠᠢ ᠬᠠᠷᠢᠯᠴᠠᠨ ᠥᠷᠢᠰᠥᠯᠳᠦᠬᠦ ᠬᠠᠷᠢᠴᠠᠭ᠎ᠠ ᠲᠠᠢ ᠪᠠᠶᠢᠵᠤ᠂ ᠡᠮ ᠤᠨ ᠦᠢᠯᠡᠳᠦᠯ ᠢ ᠬᠤᠪᠢᠷᠠᠭᠤᠯᠵᠤ ᠮᠡᠳᠡᠨ᠎ᠡ᠃ ᠡᠶᠢᠮᠦ ᠠᠴᠠ ᠴᠠᠭ ᠲᠤᠬᠠᠶ ᠳᠤᠨᠢ ᠡᠮᠨᠡᠯᠭᠡ ᠶᠢᠨ ᠬᠤᠷᠢᠶᠠᠨ ᠳᠤ ᠬᠦᠷᠴᠦ ᠡᠮᠨᠡᠭᠦᠯᠦᠨ᠂ ᠡᠮᠴᠢ ᠶᠢᠨ ᠵᠢᠯᠤᠭᠤᠳᠤᠯᠭ᠎ᠠ ᠳᠣᠣᠷ᠎ᠠ ᠵᠣᠬᠢᠰᠲᠠᠶ ᠡᠮ ᠬᠡᠷᠡᠭᠯᠡᠵᠦ᠂ ᠡᠭᠦᠨ ᠤ ᠤᠯᠠᠮ ᠠᠴᠠ ᠮᠠᠭᠤ ᠦᠢᠯᠡᠳᠦᠯ ᠭᠠᠷᠬᠤ ᠶᠢ ᠪᠠᠭᠠᠰᠬᠠᠵᠤ᠂ ᠡᠮ ᠤᠨ ᠬᠦᠴᠦᠨ ᠤ ᠤᠬᠠᠭᠠᠨ ᠤ ᠲᠠᠯ᠎ᠠ ᠪᠠᠷ ︽1+1>2︾ ᠤᠨ ᠦᠷ᠎ᠡ ᠳ᠋ᠦᠩ ᠢ ᠪᠡᠶᠡᠯᠡᠭᠦᠯᠬᠦ ᠶᠢ ᠰᠠᠨᠠᠭᠤᠯᠤᠶ᠎ᠠ᠃ ᠡᠶᠢᠮᠦ ᠠᠴᠠ ᠡᠮ ᠤᠨ ᠬᠦᠴᠦᠨ ᠤ ᠤᠬᠠᠭᠠᠨ ᠤ ᠲᠠᠯ᠎ᠠ ᠪᠠᠷ ︽1+1>2︾ ᠶᠢᠨ ᠦᠷ᠎ᠡ ᠳ᠋ᠦᠩ ᠢ ᠣᠯᠬᠤ ᠬᠡᠷᠡᠭᠲᠡᠶ᠃                                   ᠢᠷᠡᠯᠲᠡ᠄  ᠡᠷᠡᠭᠦᠯ ᠴᠢᠬᠢᠷᠠᠭ ᠳᠤᠮᠳᠠᠳᠤ ᠤᠯᠤᠰ                               ᠵᠤᠬᠢᠶᠠᠭᠴᠢ᠄ ᠰᠢᠩ ᠾᠧ ᠰᠢᠶᠠᠨ ᠤ ᠵᠠᠰᠠᠭ ᠤᠨ ᠤᠷᠳᠤᠨ                               ᠤᠷᠴᠢᠭᠤᠯᠤᠭᠴᠢ᠄ ᠨᠠᠷᠠᠰᠤ                               ᠬᠢᠨᠠᠨ ᠬᠠᠷᠭᠤᠭᠤᠯᠤᠭᠴᠢ᠄ ᠮᠥᠩᠭᠦᠨᠰᠤᠶᠢᠬᠡ
 
ᠢᠷᠡᠯᠲᠡ᠄ ᠡᠷᠡᠭᠦᠯ ᠴᠢᠬᠢᠷᠠᠭ ᠳᠤᠮᠳᠠᠳᠤ ᠤᠯᠤᠰ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3