ᠣᠶᠢᠷ᠎ᠠ ᠬᠠᠷᠠᠭ᠎ᠠ ᠲᠠᠢ ᠪᠣᠯᠴᠢᠬᠠᠯ᠎ᠠ᠂ ᠵᠤᠨ ᠤ ᠠᠮᠠᠷᠠᠯᠲᠠ ᠳᠤ ᠨᠢᠳᠦᠨ‌‍ᠰᠢᠯ ᠲᠠᠭᠠᠷᠠᠭᠤᠯᠬᠤ ᠤᠤ︖
ᠨᠡᠶᠢᠲᠡᠯᠡᠭᠰᠡᠨ ᠴᠠᠭ᠄
2022/7/27
     ᠨᠢᠳᠦᠨ ᠰᠢᠯ ᠵᠡᠭᠦᠪᠡᠯ ᠣᠶᠢᠷ᠎ᠠ ᠬᠠᠷᠠᠭ᠎ᠠ ᠶᠢᠨ ᠭᠷᠠᠳᠦ᠋ᠰ ᠤᠨ ᠲᠤᠭ᠎ᠠ ᠶᠢ ᠨᠡᠮᠡᠭᠳᠡᠭᠦᠯᠳᠡᠭ  ᠤᠤ︖      ᠣᠶᠢᠷ᠎ᠠ ᠬᠠᠷᠠᠭ᠎ᠠ ᠶᠢ ᠵᠠᠰᠠᠬᠤ ᠮᠡᠰᠡ ᠵᠠᠰᠠᠯ ᠬᠢᠵᠦ ᠪᠣᠯᠬᠤ  ᠤᠤ︖      ᠣᠶᠢᠷ᠎ᠠ ᠬᠠᠷᠠᠭ᠎ᠠ ᠶᠢ ᠬᠡᠷᠬᠢᠨ ᠰᠡᠷᠭᠡᠶᠢᠯᠡᠬᠦ ᠪᠣᠢ︖      ᠡᠳᠡᠭᠡᠷ ᠠᠰᠠᠭᠤᠳᠠᠯ ᠤᠨ ᠲᠤᠬᠠᠶ ᠮᠡᠷᠭᠡᠵᠢᠯᠲᠡᠨ ᠨᠡᠷ ᠬᠠᠷᠢᠭᠤᠯᠲᠠ ᠥᠭᠭᠦᠯ᠎ᠡ︕      ᠠᠰᠠᠭᠤᠯᠲᠠ᠄ ᠨᠢᠳᠦᠨ ᠰᠢᠯ ᠵᠡᠭᠦᠪᠡᠯ ᠣᠶᠢᠷ᠎ᠠ ᠬᠠᠷᠠᠭ᠎ᠠ ᠶᠢᠨ ᠭᠷᠠᠳᠦ᠋ᠰ ᠤᠨ ᠲᠤᠭ᠎ᠠ ᠶᠢ ᠤᠯᠠᠮ ᠠᠴᠠ ᠤᠯᠠᠮ ᠭᠦᠨ ᠪᠣᠯᠭᠠᠳᠠᠭ  ᠤᠤ︖      ᠬᠠᠷᠢᠭᠤᠯᠬᠤ      ᠣᠯᠠᠩᠬᠢ ᠭᠡᠷ ᠤᠨ ᠠᠬᠠᠮᠠᠳ ᠤᠨ ᠦᠵᠡᠬᠦ ᠪᠠᠷ᠂ ᠨᠢᠳᠦᠨ ᠰᠢᠯ ᠵᠡᠭᠦᠪᠡᠯ ᠬᠡᠦᠬᠡᠳ ᠤᠨ ᠣᠶᠢᠷ᠎ᠠ ᠬᠠᠷᠠᠭ᠎ᠠ ᠶᠢᠨ ᠬᠡᠮᠵᠢᠶ᠎ᠡ ᠶᠢ ᠤᠯᠠᠮ ᠠᠴᠠ ᠤᠯᠠᠮ ᠭᠦᠨᠵᠡᠭᠡᠶᠢᠷᠡᠭᠦᠯᠳᠡᠭ᠂ ᠡᠨᠡ ᠪᠣᠯ ᠨᠢᠭᠡ ᠵᠦᠢᠯ ᠤᠨ ᠪᠤᠷᠤᠭᠤ ᠲᠠᠨᠢᠯᠲᠠ ᠪᠣᠯᠤᠨ᠎ᠠ᠃ ᠭᠡᠷᠡᠯ ᠤᠨ ᠤᠬᠠᠭᠠᠨ ᠤ ᠵᠠᠯᠠᠷᠠᠭᠤᠯᠭ᠎ᠠ ᠨᠢ ᠤᠢᠢᠷ᠎ᠠ ᠬᠠᠷᠠᠭ᠎ᠠ ᠶᠢᠨ ᠬᠥᠭᠵᠢᠯᠲᠡ ᠶᠢ ᠢᠯᠡᠭᠦᠴᠡ ᠠᠬᠢᠭᠤᠯᠬᠤ ᠤᠢᠭᠡᠢ ᠶᠤᠮ᠃ ᠨᠢᠳᠦᠨ ᠰᠢᠯ ᠢ ᠵᠥᠪ ᠲᠠᠭᠠᠷᠠᠭᠤᠯᠤᠭᠰᠠᠨ ᠪᠠᠶᠢᠳᠠᠯ ᠳᠣᠣᠷ᠎ᠠ᠂ ᠣᠶᠢᠷ᠎ᠠ ᠬᠠᠷᠠᠭ᠎ᠠ ᠶᠢᠨ ᠬᠡᠮᠵᠢᠶ᠎ᠡ ᠶᠢᠨ ᠨᠡᠮᠡᠭᠳᠡᠬᠦ ᠨᠢ ᠭᠤᠣᠯᠳᠠᠭᠤ ᠣᠶᠢᠷ᠎ᠠ ᠬᠠᠷᠠᠭ᠎ᠠ ᠶᠢᠨ ᠬᠥᠭᠵᠢᠯᠲᠡ ᠲᠠᠢ ᠬᠤᠯᠪᠣᠭ᠎ᠠ ᠲᠠᠢ ᠶᠤᠮ᠃ ᠬᠡᠦᠬᠡᠳ ᠪᠠᠭᠠᠴᠤᠳ ᠵᠠᠯᠠᠭᠤ ᠨᠠᠰᠤᠨ ᠤ ᠦᠶ᠎ᠡ ᠳᠤ᠂ ᠬᠥᠮᠦᠨ ᠤ ᠬᠠᠷᠠᠭᠠᠨ ᠤ ᠴᠢᠳᠠᠪᠤᠷᠢ ᠶᠠᠭ ᠦᠳᠲᠡᠷ ᠲᠦᠷᠭᠡᠨ ᠬᠥᠭᠵᠢᠯᠲᠡ ᠶᠢᠨ ᠱᠠᠲᠤᠨ ᠳᠠᠭᠠᠨ ᠪᠠᠶᠢᠵᠤ᠂ ᠬᠡᠷᠪᠡ ᠨᠢᠳᠦ ᠪᠠᠨ ᠵᠤᠬᠢᠰ ᠦᠭᠡᠢ ᠬᠡᠷᠡᠭᠯᠡᠪᠡᠯ ᠤᠢᠢᠷ᠎ᠠ ᠬᠠᠷᠠᠭ᠎ᠠ ᠲᠠᠰᠤᠷᠠᠯᠲᠠ ᠦᠭᠡᠢ ᠭᠦᠨᠵᠡᠭᠡᠶᠢᠷᠡᠳᠡᠭ᠂ ᠬᠠᠷᠢᠨ ᠲᠣᠬᠢᠷᠠᠮᠵᠢᠲᠠᠶ ᠭᠷᠠᠳᠦ᠋ᠰ ᠤᠨ ᠲᠣᠭᠠᠨ ᠤ ᠨᠢᠳᠦᠨ ᠰᠢᠯ ᠢ ᠴᠠᠭ ᠲᠤᠬᠠᠶ ᠳᠤᠨᠢ ᠵᠡᠭᠦᠪᠡᠯ ᠲᠣᠳᠣᠷᠬᠠᠶ ᠬᠠᠷᠠᠭᠠᠨ ᠤ ᠰᠡᠷᠡᠯ ᠢ ᠣᠯᠵᠤ᠂ ᠤᠢᠢᠷ᠎ᠠ ᠬᠠᠷᠠᠭ᠎ᠠ ᠶᠢᠨ ᠬᠥᠭᠵᠢᠯᠲᠡ ᠶᠢᠨ ᠬᠤᠷᠳᠤᠴᠠ ᠶᠢ ᠤᠳᠠᠭᠠᠰᠢᠷᠠᠭᠤᠯᠵᠤ ᠪᠣᠯᠤᠨ᠎ᠠ᠃      ᠠᠰᠠᠭᠤᠯᠲᠠ᠄ ᠬᠡᠦᠬᠡᠳ ᠪᠠᠭᠠᠴᠤᠳ ᠣᠶᠢᠷ᠎ᠠ ᠬᠠᠷᠠᠭ᠎ᠠ ᠲᠠᠢ ᠪᠣᠯᠤᠭᠰᠠᠨ ᠤ ᠰᠢᠯᠲᠠᠭᠠᠨ ᠨᠢ ᠶᠠᠭᠤ ᠪᠣᠢ︖      ᠬᠠᠷᠢᠭᠤᠯᠬᠤ      ᠣᠶᠢᠷ᠎ᠠ ᠬᠠᠷᠠᠭ᠎ᠠ ᠶᠢ ᠪᠣᠢ ᠪᠣᠯᠭᠠᠬᠤ ᠭᠤᠣᠯ ᠡᠯᠧᠮᠧᠨ᠋ᠲ ᠬᠤᠶᠠᠷ ᠪᠣᠢ᠄ ᠨᠢᠭᠡ ᠨᠢ ᠤᠳᠤᠮᠰᠢᠯ ᠤᠨ ᠡᠯᠧᠮᠧᠨ᠋ᠲ ᠂ ᠨᠥᠭᠦᠭᠡ ᠨᠢ ᠣᠷᠴᠢᠨ ᠲᠣᠭᠤᠷᠢᠨ ᠤ ᠡᠯᠧᠮᠧᠨ᠋ᠲ ᠪᠣᠯᠤᠨ᠎ᠠ᠃ ᠤᠳᠤᠮᠰᠢᠯ ᠤᠨ ᠡᠯᠧᠮᠧᠨ᠋ᠲ ᠨᠢ ᠭᠤᠣᠯᠳᠠᠭᠤ ᠳᠡᠭᠡᠳᠦ ᠬᠡᠮᠵᠢᠶᠡᠨ ᠤ ᠣᠶᠢᠷ᠎ᠠ ᠬᠠᠷᠠᠭ᠎ᠠ ᠲᠠᠢ ᠭᠡᠷ ᠪᠦᠯᠢ ᠶᠢᠨ ᠲᠡᠦᠬᠡ ᠲᠠᠢ ᠬᠡᠦᠬᠡᠳ ᠪᠠᠭᠠᠴᠤᠳ ᠢ ᠨᠥᠯᠥᠭᠡᠯᠡᠳᠡᠭ᠃ ᠭᠡᠬᠦ ᠳᠡᠭᠡᠨ ᠣᠷᠴᠢᠨ ᠲᠣᠭᠤᠷᠢᠨ ᠤ ᠡᠯᠧᠮᠧᠨ᠋ᠲ ᠨᠢ ᠭᠤᠣᠯᠳᠠᠭᠤ ᠥᠨᠳᠥᠷ ᠬᠦᠴᠦᠯᠡᠴᠡ ᠲᠠᠢ ᠤᠢᠢᠷ᠎ᠠ ᠵᠠᠶ ᠠᠴᠠ ᠨᠢᠳᠦ ᠬᠡᠷᠡᠭᠯᠡᠳᠡᠭ᠂ ᠡᠨᠡ ᠨᠢ ᠮᠠᠨ ᠤ ᠤᠯᠤᠰ ᠤᠨ ᠬᠡᠦᠬᠡᠳ ᠪᠠᠭᠠᠴᠤᠳ ᠤᠨ ᠤᠢᠢᠷ᠎ᠠ ᠬᠠᠷᠠᠭ᠎ᠠ ᠶᠢ ᠥᠨᠳᠥᠷ ᠬᠠᠷᠠᠭ᠎ᠠ ᠲᠠᠢ ᠪᠣᠯᠭᠠᠭᠰᠠᠨ ᠤ ᠭᠤᠣᠯ ᠰᠢᠯᠲᠠᠭᠠᠨ ᠪᠣᠯᠤᠨ᠎ᠠ᠃ ᠣᠲᠣ ᠶᠢᠨ ᠨᠡᠶᠢᠭᠡᠮ ᠳᠤ᠂ ᠬᠡᠷ ᠤᠨ ᠠᠬᠠᠮᠠᠳ ᠤᠨ ᠡᠯᠧᠺᠲᠷᠣᠨ ᠲᠣᠨᠤᠭ ᠲᠥᠬᠦᠭᠡᠷᠦᠮᠵᠢ ᠶᠢ ᠬᠠᠮᠢᠶᠠᠷᠤᠨ ᠡᠵᠡᠮᠳᠡᠬᠦ ᠲᠠᠯ᠎ᠠ ᠪᠠᠷ ᠬᠦᠷᠦᠯᠴᠡᠬᠦ ᠥᠬᠡᠶ᠂ ᠬᠡᠤᠬᠡᠳ ᠤᠨ ᠥᠪᠡᠷ ᠢ ᠪᠠᠨ ᠡᠵᠡᠮᠳᠡᠬᠦ ᠴᠢᠳᠠᠪᠤᠷᠢ ᠨᠢ ᠴᠦ ᠪᠠᠭᠤᠷᠠᠶ ᠪᠠᠶᠢᠵᠤ᠂ ᠦᠷᠭᠦᠯᠵᠢ ᠦᠵᠡᠮᠡᠭᠴᠡ ᠣᠷᠳᠣ ᠬᠤᠭᠤᠴᠠᠭ᠎ᠠ ᠦᠷᠭᠦᠯᠵᠢᠯᠡᠳᠡᠭ᠂ ᠡᠨᠡ ᠨᠢ ᠣᠶᠢᠷ᠎ᠠ ᠬᠠᠷᠠᠭ᠎ᠠ ᠶᠢᠨ ᠡᠭᠦᠰᠴᠦ ᠬᠥᠭᠵᠢᠬᠦ ᠶᠢ ᠠᠬᠢᠭᠤᠯᠵᠤ ᠪᠠᠶᠢᠨ᠎ᠠ      ᠠᠰᠠᠭᠤᠯᠲᠠ᠄ ᠣᠶᠢᠷ᠎ᠠ ᠬᠠᠷᠠᠭ᠎ᠠ ᠶᠢ ᠵᠠᠰᠠᠵᠤ ᠡᠳᠡᠭᠡᠷᠡᠭᠦᠯᠵᠦ ᠲᠠᠶᠢᠯᠤᠨ᠎ᠠ  ᠤᠤ︖      ᠬᠠᠷᠢᠭᠤᠯᠬᠤ      ᠡᠭᠦᠨ ᠳᠤ ᠬᠤᠶᠠᠷ ᠵᠦᠢᠯ ᠢ ᠴᠢᠬᠤᠯᠠᠴᠢᠯᠠᠬᠤ ᠬᠡᠷᠡᠭᠲᠡᠶ᠃ ᠨᠢᠭᠡ ᠳᠤ ᠣᠶᠢᠷ᠎ᠠ ᠬᠠᠷᠠᠭ᠎ᠠ ᠨᠢ ︽ᠥᠪᠡᠷ ᠢᠶᠠᠨ ᠡᠳᠡᠭᠡᠷᠡᠵᠦ︾ ᠲᠠᠶᠢᠯᠤᠨ᠎ᠠ  ᠤᠤ︖ ᠡᠭᠦᠨ ᠤ ᠬᠠᠷᠢᠭᠤᠯᠲᠠ ᠨᠢ ︽ᠪᠣᠯᠬᠤ ᠦᠭᠡᠶ︾᠃ ᠣᠶᠢᠷ᠎ᠠ ᠬᠠᠷᠠᠭ᠎ᠠ ᠲᠠᠢ ᠪᠣᠯᠤᠭᠰᠠᠨ ᠤ ᠳᠠᠷᠠᠭ᠎ᠠ ᠨᠢᠳᠦᠨ ᠤ ᠲᠡᠩᠭᠡᠯᠢᠭ ᠨᠢ ᠣᠷᠳᠣ ᠪᠣᠯᠳᠠᠭ᠂ ᠡᠨᠡ ᠬᠦ ᠬᠤᠪᠢᠷᠠᠯᠲᠠ ᠨᠢ ᠪᠤᠴᠠᠰᠢ ᠥᠬᠡᠶ ᠶᠤᠮ᠃ ᠬᠤᠶᠠᠷ ᠲᠤ ᠣᠶᠢᠷ᠎ᠠ ᠬᠠᠷᠠᠭ᠎ᠠ ᠶᠢ ︽ᠵᠠᠰᠠᠵᠤ ᠡᠳᠡᠭᠡᠷᠡᠭᠦᠯᠵᠦ︾ ᠲᠠᠶᠢᠯᠤᠨ᠎ᠠ ᠤᠤ︖ ᠡᠭᠦᠨ ᠤ ᠬᠠᠷᠢᠭᠤᠯᠲᠠ ᠨᠢ ᠪᠠᠰᠠ ︽ᠪᠣᠯᠬᠤ ᠦᠭᠡᠢ︾᠃ ᠣᠳᠣᠬᠠᠨ ᠤ ᠠᠨᠠᠭᠠᠬᠤ ᠤᠬᠠᠭᠠᠨ ᠤ ᠵᠠᠰᠠᠯᠭ᠎ᠠ ᠶᠢᠨ ᠠᠷᠭ᠎ᠠ ᠪᠠᠷᠢᠯ ᠨᠢ ᠵᠥᠪᠬᠡᠨ ᠭᠡᠷᠡᠯ ᠤᠨ ᠤᠬᠠᠭᠠᠨ ᠤ ᠵᠠᠰᠠᠯ ᠢᠶᠠᠷ ᠬᠡᠦᠬᠡᠳ ᠤᠨ ᠬᠠᠷᠠᠭ᠎ᠠ ᠶᠢ ᠰᠠᠶᠢᠵᠢᠷᠠᠭᠤᠯᠤᠨ᠎ᠠ᠂ ᠭᠡᠪᠡᠴᠦ ᠨᠢᠳᠦᠨ ᠴᠡᠴᠡᠭᠡᠶ ᠶᠢᠨ ᠨᠢᠭᠡᠨᠲᠡ ᠡᠭᠦᠰᠦᠭᠰᠡᠨ ᠪᠦᠲᠦᠴᠡ ᠶᠢᠨ ᠬᠤᠪᠢᠷᠠᠯᠲᠠ ᠶᠢ ᠬᠤᠪᠢᠷᠠᠭᠤᠯᠵᠤ ᠳᠡᠶᠢᠯᠬᠦ ᠦᠭᠡᠢ ᠶᠤᠮ᠃ ᠡᠶᠢᠮᠦ ᠠᠴᠠ ᠭᠡᠷ ᠤᠨ ᠠᠬᠠᠮᠠᠳ ︽ᠤᠷᠢᠳᠴᠢᠯᠠᠨ ᠰᠡᠷᠭᠡᠶᠢᠯᠡᠬᠦ ᠶᠢ ᠲᠡᠷᠢᠭᠦᠨ ᠳᠤ ᠲᠠᠯᠪᠢᠬᠤ︾ ᠣᠶᠢᠯᠠᠭᠠᠭᠳᠠᠬᠤᠨ ᠢ ᠪᠣᠢ ᠪᠣᠯᠭᠠᠵᠤ᠂ ᠲᠣᠭᠲᠠᠭᠰᠠᠨ ᠬᠤᠭᠤᠴᠠᠭ᠎ᠠ ᠲᠠᠢ ᠪᠠᠷ ᠬᠡᠦᠬᠡᠳ ᠢᠶᠠᠨ ᠳᠠᠭᠠᠭᠤᠯᠤᠨ ᠨᠢᠳᠦ ᠶᠢ ᠨᠢ ᠪᠠᠶᠢᠴᠠᠭᠠᠯᠭᠠᠬᠤ ᠬᠡᠷᠡᠭᠲᠡᠶ᠃    ᠠᠰᠠᠭᠤᠯᠲᠠ᠄ ᠬᠡᠦᠬᠡᠳ ᠪᠠᠭᠠᠴᠤᠳ ᠤᠨ ᠣᠶᠢᠷ᠎ᠠ ᠬᠠᠷᠠᠭ᠎ᠠ ᠪᠠᠨ ᠵᠠᠯᠠᠷᠠᠭᠤᠯᠬᠤ ᠳᠤ ᠶᠠᠮᠠᠷ ᠶᠠᠮᠠᠷ ᠠᠷᠭ᠎ᠠ ᠪᠠᠷᠢᠯ ᠪᠠᠶᠢᠬᠤ ᠪᠣᠢ︖      ᠬᠠᠷᠢᠭᠤᠯᠬᠤ      ᠨᠢᠭᠡᠳᠦᠭᠡᠷ ᠲᠤ᠂ ᠬᠠᠪᠢᠰᠤᠲᠠᠶ ᠨᠢᠳᠦᠨ ᠰᠢᠯ ᠵᠡᠭᠦᠨ᠎ᠡ᠂ ᠡᠨᠡ ᠪᠣᠯ ᠣᠳᠣᠬᠠᠨ ᠳᠤ ᠨᠡᠯᠢᠶᠡᠳ ᠲᠦᠭᠡᠮᠡᠯ ᠬᠡᠷᠡᠭᠯᠡᠵᠦ ᠪᠠᠶᠢᠭ᠎ᠠ ᠵᠠᠯᠠᠷᠠᠭᠤᠯᠬᠤ ᠠᠷᠭ᠎ᠠ ᠪᠣᠯᠤᠨ᠎ᠠ᠃ ᠬᠤᠶᠠᠳᠤᠭᠠᠷ ᠲᠤ᠂ ᠡᠪᠡᠷᠯᠢᠭ ᠪᠦᠷᠬᠦᠪᠴᠢ ᠶᠢᠨ ᠰᠦᠯᠢᠶᠣᠣ ᠰᠢᠯ ᠢ ᠵᠡᠭᠦᠨ᠎ᠡ᠂ ᠳᠠᠷᠤᠶ OK ᠰᠢᠯ ᠪᠣᠯᠤᠨ᠎ᠠ᠂ ᠲᠡᠷᠡ ᠨᠢ ᠣᠶᠢᠷ᠎ᠠ ᠬᠠᠷᠠᠭ᠎ᠠ ᠶᠢᠨ ᠬᠥᠭᠵᠢᠯᠲᠡ ᠶᠢ ᠵᠣᠬᠢᠬᠤ ᠬᠡᠮᠵᠢᠶ᠎ᠡ ᠪᠠᠷ ᠤᠳᠠᠭᠠᠰᠢᠷᠠᠭᠤᠯᠬᠤ ᠦᠢᠯᠡᠳᠦᠯ ᠲᠠᠢ᠃ ᠭᠡᠪᠡᠴᠦ ᠴᠢᠬᠤᠯᠠᠴᠢᠯᠠᠭᠤᠰᠢᠲᠠᠶ ᠨᠢ᠂ OK ᠰᠢᠯ ᠲᠠᠭᠠᠷᠠᠭᠤᠯᠤᠨ ᠵᠡᠭᠦᠬᠦ ᠳᠤ ᠡᠮᠴᠢ ᠶᠢᠨ ᠴᠢᠩᠭ᠎ᠠ ᠨᠢᠮᠪᠠᠶ ᠦᠨᠡᠯᠡᠯᠲᠡ᠂ ᠪᠦᠬᠦ ᠲᠠᠯ᠎ᠠ ᠶᠢᠨ ᠨᠠᠷᠢᠨ ᠪᠠᠶᠢᠴᠠᠭᠠᠯᠲᠠ ᠪᠠ ᠵᠣᠬᠢᠰᠲᠠᠶ ᠵᠡᠭᠦᠬᠦ ᠶᠢ ᠳᠠᠮᠵᠢᠮᠠᠨᠵᠢᠨ ᠰᠠᠶ᠋ᠢ ᠪᠡᠶᠡᠯᠡᠭᠦᠯᠵᠦ ᠲᠠᠶᠢᠯᠤᠨ᠎ᠠ ᠭᠡᠳᠡᠭ ᠢ ᠴᠢᠬᠤᠯᠠᠴᠢᠯᠠᠭᠤᠰᠢᠲᠠᠶ ᠶᠤᠮ᠃ ᠡᠨᠡ ᠬᠦ ᠰᠢᠯ ᠢ ᠵᠡᠭᠦᠬᠦ ᠳᠤ ᠡᠮᠴᠢ ᠶᠢᠨ ᠴᠢᠩᠭ᠎ᠠ ᠨᠢᠮᠪᠠᠶ ᠬᠢᠨᠠᠨ ᠮᠠᠭᠠᠳᠯᠠᠯᠲᠠ᠂ ᠪᠦᠬᠦ ᠲᠠᠯ᠎ᠠ ᠶᠢᠨ ᠨᠠᠷᠢᠨ ᠨᠢᠮᠪᠠᠶ ᠪᠠᠶᠢᠴᠠᠭᠠᠯᠲᠠ ᠪᠠ ᠵᠣᠬᠢᠰᠲᠠᠶ ᠵᠡᠭᠦᠬᠦ ᠶᠢ ᠳᠠᠮᠵᠢᠪᠠᠯ ᠰᠠᠶ᠋ᠢ ᠪᠡᠶᠡᠯᠡᠭᠦᠯᠵᠦ ᠲᠠᠶᠢᠯᠤᠨ᠎ᠠ᠃ ᠭᠤᠷᠪᠠᠳᠤᠭᠠᠷ ᠲᠤ᠂ ᠳᠣᠣᠷ᠎ᠠ ᠥᠳᠬᠡᠴᠡ ᠲᠠᠢ ᠠᠲᠷᠤᠫᠢᠨ ᠤ ᠨᠢᠳᠦᠨ ᠳᠤ ᠳᠤᠰᠤᠭᠠᠬᠤ ᠰᠢᠩᠭᠡᠨ ᠢ ᠣᠶᠢᠷ᠎ᠠ ᠬᠠᠷᠠᠭ᠎ᠠ ᠶᠢᠨ ᠬᠥᠭᠵᠢᠯᠲᠡ ᠶᠢᠨ ᠬᠤᠷᠳᠤᠴᠠ ᠶᠢ ᠤᠳᠠᠭᠠᠰᠢᠷᠠᠭᠤᠯᠬᠤ ᠪᠤᠶᠤ ᠬᠢᠵᠠᠭᠠᠷᠯᠠᠬᠤ ᠳᠤ ᠬᠡᠷᠡᠭᠯᠡᠨ᠎ᠡ᠃ ᠭᠡᠷ ᠤᠨ ᠠᠬᠠᠮᠠᠳ ᠬᠡᠦᠬᠡᠳ ᠢᠶᠠᠨ ᠳᠠᠭᠠᠭᠤᠯᠵᠤ ᠵᠢᠩᠬᠢᠨᠢ ᠡᠮᠴᠢᠯᠡᠭᠡᠨ ᠤ ᠪᠠᠶᠢᠭᠤᠯᠤᠮᠵᠢ ᠳᠤ ᠣᠴᠢᠵᠤ᠂ ᠡᠮᠴᠢ ᠶᠢᠨ ᠶᠡᠷᠦᠩᠬᠡᠶ ᠮᠠᠭᠠᠳᠯᠠᠯᠲᠠ ᠪᠠᠷ ᠳᠠᠮᠵᠢᠨ ᠬᠡᠦᠬᠡᠳ ᠲᠤ ᠲᠣᠬᠢᠷᠠᠬᠤ ᠣᠶᠢᠷ᠎ᠠ ᠬᠠᠷᠠᠭ᠎ᠠ ᠶᠢ ᠵᠠᠯᠠᠷᠠᠭᠤᠯᠬᠤ ᠠᠷᠭ᠎ᠠ ᠶᠢ ᠰᠣᠩᠭᠤᠬᠤ ᠶᠢ ᠰᠠᠨᠠᠭᠤᠯᠤᠶ᠎ᠠ᠃      ᠠᠰᠠᠭᠤᠯᠲᠠ᠄ ᠬᠡᠦᠬᠡᠳ ᠣᠶᠢᠷ᠎ᠠ ᠬᠠᠷᠠᠭ᠎ᠠ ᠲᠠᠢ ᠮᠡᠰᠡ ᠵᠠᠰᠠᠯ ᠬᠢᠵᠦ ᠪᠣᠯᠤᠨ᠎ᠠ  ᠤᠤ︖      ᠬᠠᠷᠢᠭᠤᠯᠬᠤ      ᠣᠶᠢᠷ᠎ᠠ ᠬᠠᠷᠠᠭ᠎ᠠ ᠶᠢ ᠵᠠᠯᠠᠷᠠᠭᠤᠯᠬᠤ ᠮᠡᠰᠡ ᠵᠠᠰᠠᠯ ᠳᠤ ᠴᠢᠩᠭ᠎ᠠ ᠲᠣᠬᠢᠷᠠᠬᠤ ᠡᠪᠡᠳᠴᠢᠨ ᠲᠠᠢ᠄ ᠡᠪᠡᠳᠴᠢᠲᠡᠨ ᠤ ᠨᠠᠰᠤᠨ ᠤ ᠱᠠᠭᠠᠷᠳᠠᠯᠭ᠎ᠠ ᠨᠢ 18 ᠨᠠᠰᠤᠨ ᠠᠴᠠ ᠳᠡᠭᠡᠭᠰᠢ᠂ ᠣᠶᠢᠷ᠎ᠠ ᠬᠠᠷᠠᠭ᠎ᠠ ᠶᠢᠨ ᠬᠡᠮᠵᠢᠶ᠎ᠡ ᠶᠢ ᠲᠣᠭᠲᠠᠪᠤᠷᠢᠲᠠᠶ᠂ ᠡᠪᠡᠷᠯᠢᠭ ᠪᠦᠷᠬᠦᠪᠴᠢ ᠶᠢᠨ ᠯᠠᠶᠢᠰᠧᠷ ᠤᠨ ᠮᠡᠰᠡ ᠵᠠᠰᠠᠯ ᠬᠢᠵᠦ ᠪᠠᠶᠢᠭ᠎ᠠ ᠡᠪᠡᠳᠴᠢᠲᠡᠨ ᠤ ᠣᠶᠢᠷ᠎ᠠ ᠬᠠᠷᠠᠭ᠎ᠠ ᠶᠢᠨ ᠬᠡᠮᠵᠢᠶ᠎ᠡ ᠶᠢ 1000 ᠭᠷᠠᠳᠦ᠋ᠰ ᠠᠴᠠ ᠬᠡᠲᠦᠷᠡᠭᠦᠯᠬᠦ ᠦᠭᠡᠢ᠂ ᠨᠢᠳᠦᠨ ᠤ ᠳᠣᠲᠣᠷᠠᠬᠢ ᠲᠠᠯᠠᠰᠲᠤ ᠶᠢ ᠲᠠᠷᠢᠵᠦ ᠣᠷᠣᠭᠤᠯᠬᠤ ᠮᠡᠰᠡ ᠵᠠᠰᠠᠯ ᠬᠢᠵᠦ ᠪᠠᠶᠢᠭ᠎ᠠ ᠡᠪᠡᠳᠴᠢᠲᠡᠨ ᠤ ᠣᠶᠢᠷ᠎ᠠ ᠬᠠᠷᠠᠭ᠎ᠠ ᠶᠢᠨ ᠬᠡᠮᠵᠢᠶ᠎ᠡ ᠶᠢ 1800 ᠭᠷᠠᠳᠦ᠋ᠰ ᠠᠴᠠ ᠬᠡᠲᠦᠷᠡᠭᠦᠯᠬᠦ ᠦᠭᠡᠢ᠂ ᠬᠠᠷᠠᠭ᠎ᠠ ᠰᠠᠷᠨᠢᠭᠤᠯᠬᠤ ᠬᠡᠮᠵᠢᠶ᠎ᠡ ᠶᠢ 600 ᠭᠷᠠᠳᠦ᠋ᠰ ᠤᠨ ᠳᠣᠲᠣᠷ᠎ᠠ ᠪᠠᠶᠢᠯᠭᠠᠨ᠎ᠠ᠃                 ᠢᠷᠡᠯᠲᠡ᠄ ᠡᠷᠡᠭᠦᠯ  ᠴᠢᠬᠢᠷᠠᠭ  ᠳᠤᠮᠳᠠᠳᠦ ᠤᠯᠤᠰ                 ᠤᠷᠴᠢᠭᠤᠯᠤᠭᠴᠢ᠄ ᠨᠠᠷᠠᠰᠤ                ᠬᠢᠨᠠᠨ ᠬᠠᠷᠭᠤᠭᠤᠯᠤᠭᠴᠢ᠄ ᠮᠥᠩᠭᠦᠨᠰᠤᠶᠢᠬᠡ    
 
ᠢᠷᠡᠯᠲᠡ᠄ ᠡᠷᠡᠭᠦᠯ ᠴᠢᠬᠢᠷᠠᠭ ᠳᠤᠮᠳᠠᠳᠤ ᠤᠯᠤᠰ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3