ᠲᠠᠪᠤᠨ ᠰᠠᠷ᠎ᠠ ᠶᠢᠨ ᠤᠩᠭᠠᠷᠢᠯ᠂ ᠴᠢ ᠡᠳᠡᠭᠡᠷ ᠢ ᠠᠩᠬᠠᠷᠬᠤ ᠬᠡᠷᠡᠭᠲᠡᠶ︕
ᠨᠡᠶᠢᠲᠡᠯᠡᠭᠰᠡᠨ ᠴᠠᠭ᠄
2022/5/6
     ᠵᠢᠯ ᠪᠦᠷᠢ ᠶᠢᠨ ᠳᠥᠷᠪᠡ᠂ ᠲᠠᠪᠤᠨ ᠰᠠᠷ᠎ᠠ ᠳᠤ ᠤᠳᠠ ᠤᠯᠢᠶᠠᠰᠤᠨ ᠤ ᠤᠩᠭᠠᠷᠢᠯ ᠨᠢ ︽ᠰᠡᠳᠬᠢᠯ ᠠᠮᠤᠷ︾ ᠥᠬᠡᠶ ᠪᠣᠯᠵᠣ᠂ ᠲᠩᠷᠢ ᠳᠦᠭᠦᠷᠡᠩ ᠤᠩᠭᠠᠷᠢᠯ ᠨᠢ ᠬᠥᠮᠦᠰ ᠤᠨ ᠰᠡᠳᠬᠢᠯ ᠰᠠᠨᠠᠭ᠎ᠠ ᠶᠢ ᠤᠶᠢᠮᠤᠷᠠᠭᠤᠯᠵᠤ᠂ ᠵᠡᠭᠡᠯᠢ ᠳᠡᠭᠡᠷ᠎ᠡ ᠠᠯᠬᠤᠬᠤ ᠳᠤ ᠨᠢᠳᠦ ᠬᠠᠮᠠᠷ ᠤᠨ ᠤᠩᠭᠠᠷᠢᠯ ᠨᠢ ᠴᠠᠭ ᠢᠮᠠᠭᠲᠠ ︽ᠳᠠᠭᠠᠷᠢᠭᠳᠠᠳᠠᠭ︾ ᠁ ᠁ ᠬᠤᠷᠴᠠ ᠰᠡᠷᠭᠡᠭ ᠬᠥᠮᠦᠰ ᠢ ᠲᠦᠢᠯ ᠤᠨ ᠶᠡᠭᠡ ᠵᠣᠪᠠᠭᠠᠵᠤ᠂ ᠵᠡᠭᠡᠯᠢ ᠳᠡᠭᠡᠷᠡᠬᠢ ︽ᠠᠮᠠᠪᠴᠢ ᠶᠢᠨ ᠬᠥᠮᠦᠰ︾ ᠣᠯᠠᠰᠢᠷᠠᠭᠤᠯᠳᠠᠭ ᠪᠠᠶᠢᠨ᠎ᠠ᠃ ᠤᠩᠭᠠᠷᠢᠯ ᠤᠨ ︽ᠭᠡᠨᠡᠳᠲᠡ ᠶᠢᠨ ᠲᠠᠭᠠᠷᠢᠯᠳᠠ︾ ᠠᠴᠠ ᠵᠠᠶᠢᠯᠠᠬᠤ ᠶᠢᠨ ᠲᠥᠯᠥᠭᠡ᠂ ᠴᠥᠭᠡᠨ ᠪᠤᠰᠤ ᠬᠥᠮᠦᠰ ᠲᠣᠯᠣᠭᠠᠶ ᠠᠴᠠ ᠪᠠᠨ ᠠᠪᠤᠭᠠᠳ ᠬᠦᠯ ᠳᠡᠭᠡᠨ ᠲᠤᠯᠲᠠᠯ᠎ᠠ ︽ᠥᠪᠴᠢ ᠵᠡᠪᠰᠡᠭᠯᠡᠭᠰᠡᠨ︾ ᠪᠠᠶᠢᠨ᠎ᠠ᠃
     ᠤᠳᠠ ᠤᠯᠢᠶᠠᠰᠤᠨ ᠤ ᠤᠩᠭᠠᠷᠢᠯ ᠪᠣᠯ ᠦᠨᠡᠨ ᠳᠡᠭᠡᠨ ᠤᠯᠢᠶᠠᠰᠤ ᠪᠠ ᠤᠳᠠ ᠮᠣᠳᠣᠨ ᠤ ᠦᠷ᠎ᠡ ᠶᠤᠮ᠃ ᠤᠳᠠ ᠤᠯᠢᠶᠠᠰᠤᠨ ᠮᠣᠳᠣᠨ ᠤ ᠪᠠᠭ ᠴᠡᠴᠡᠭ ᠨᠢ ᠡᠷᠡᠭᠴᠢᠨ ᠡᠮᠡᠭᠴᠢᠨ ᠤ ᠢᠯᠭᠠᠭ᠎ᠠ ᠲᠠᠢ᠂ ᠪᠣᠯᠪᠠᠰᠤᠷᠠᠬᠤ ᠦᠶ᠎ᠡ ᠳᠡᠭᠡᠨ ᠪᠦᠬᠦᠯᠢ ᠪᠠᠷ ᠢᠶᠠᠨ ᠬᠤᠪᠬᠤᠷᠠᠨ ᠤᠨᠠᠵᠤ᠂ ᠡᠮ᠎ᠡ ᠪᠠᠭ ᠴᠡᠴᠡᠭ ᠤᠨ ᠳᠣᠲᠣᠷᠠᠬᠢ ᠵᠢᠮᠢᠰ ᠨᠢ ᠬᠤᠶᠠᠷ ᠬᠡᠯᠲᠡᠰ ᠪᠣᠯᠤᠨ ᠬᠠᠭᠠᠷᠠᠭᠠᠳ᠂ ᠴᠠᠭᠠᠨ ᠦᠰᠦ ᠲᠠᠢ ᠦᠷ᠎ᠡ ᠨᠢ ᠰᠠᠯᠬᠢᠨ ᠤ ᠠᠶ᠎ᠠ ᠪᠠᠷ ᠬᠡᠶᠢᠰᠦᠨ ᠰᠠᠷᠨᠢᠳᠠᠭ᠃ ᠦᠷ᠎ᠡ ᠨᠢ ᠴᠠᠭᠠᠨ ᠤᠩᠭᠠᠷᠢᠯ ᠤᠨ ᠲᠤᠰᠠᠯᠠᠮᠵᠢ ᠲᠠᠢ ᠪᠠᠷ ᠣᠭᠲᠠᠷᠭᠤᠶ ᠳᠤ ᠬᠥᠪᠴᠦ᠂ ᠲᠣᠬᠢᠷᠠᠮᠵᠢᠲᠠᠶ ᠤᠷᠭᠤᠬᠤ ᠭᠠᠵᠠᠷ ᠢ ᠡᠷᠢᠳᠡᠭ᠂ ᠡᠨᠡ ᠪᠣᠯ ᠤᠯᠢᠶᠠᠰᠤ᠂ ᠤᠳᠠ ᠮᠣᠳᠣᠨ ᠤ ᠬᠤᠶᠢᠴᠢ ᠦᠶ᠎ᠡ ᠪᠠᠨ ᠦᠷᠡᠵᠢᠭᠦᠯᠬᠦ ᠶᠢᠨ ᠴᠢᠬᠤᠯᠠ ᠠᠷᠭ᠎ᠠ ᠵᠠᠮ ᠮᠥᠨ᠂ ᠡᠨᠡ ᠪᠣᠯ ᠤᠯᠢᠶᠠᠰᠤ᠂ ᠤᠳᠠ ᠮᠣᠳᠣᠨ ᠤ ᠬᠤᠶᠢᠴᠢ ᠦᠶ᠎ᠡ ᠪᠠᠨ ᠦᠷᠡᠵᠢᠭᠦᠯᠬᠦ ᠴᠢᠬᠤᠯᠠ ᠠᠷᠭ᠎ᠠ ᠵᠠᠮ ᠮᠥᠨ᠃ ᠡᠶᠢᠮᠦ ᠠᠴᠠ ᠵᠠᠷᠢᠮ ᠦᠭᠡᠨ ᠳᠤ ︽ᠤᠳᠠ ᠤᠯᠢᠶᠠᠰᠤ ᠬᠠᠳᠬᠤᠬᠤ ᠰᠠᠨᠠᠭ᠎ᠠ ᠦᠬᠡᠢ︾ ᠭᠡᠳᠡᠭ ᠨᠢ ᠳᠠᠷᠤᠶ ᠤᠳᠠ ᠮᠣᠳᠣ ᠥᠰᠴᠦ ᠦᠷᠡᠵᠢᠬᠦ ᠳᠤ ᠠᠮᠠᠷ᠂ ᠵᠣᠬᠢᠴᠠᠬᠤ ᠴᠢᠨᠠᠷ ᠢᠶᠠᠷ ᠴᠢᠩᠭ᠎ᠠ᠂ ᠴᠢᠭᠢᠭᠲᠦᠬᠦ ᠠᠴᠠ ᠰᠡᠷᠭᠡᠶᠢᠯᠡᠵᠦ ᠬᠠᠰᠢᠯᠭ᠎ᠠ ᠶᠢ ᠬᠠᠮᠠᠭᠠᠯᠠᠬᠤ ᠰᠠᠶᠢᠨ ᠮᠣᠳᠣᠨ ᠤ ᠲᠦᠷᠦᠯ ᠵᠦᠢᠯ ᠪᠣᠯᠬᠤ ᠶᠤᠮ ᠭᠡᠨ᠎ᠡ ᠭᠡᠵᠦ ᠬᠡᠯᠡᠳᠡᠭ᠃ ᠡᠨᠡ ᠨᠢ ᠳᠠᠷᠤᠶ ᠤᠳᠠ ᠮᠣᠳᠣ ᠥᠰᠴᠦ ᠦᠷᠡᠵᠢᠬᠦ ᠳᠤ ᠠᠮᠠᠷᠬᠠᠨ᠂ ᠴᠢᠭᠢᠭᠲᠦᠬᠦ ᠠᠴᠠ ᠰᠡᠷᠭᠡᠶᠢᠯᠡᠵᠦ ᠬᠠᠰᠢᠯᠭ᠎ᠠ ᠶᠢ ᠬᠠᠮᠠᠭᠠᠯᠠᠬᠤ ᠰᠠᠶᠢᠨ ᠮᠣᠳᠣᠨ ᠤ ᠲᠦᠷᠦᠯ ᠵᠦᠢᠯ ᠪᠣᠯᠬᠤ ᠶᠤᠮ᠃
     ᠤᠩᠭᠠᠷᠢᠯ ᠤᠨ ᠪᠡᠶ᠎ᠡ ᠳᠤ ᠬᠤᠣᠷ ᠦᠭᠡᠢ      ᠪᠢᠳᠡ ᠡᠩ ᠤᠨ ᠦᠶ᠎ᠡ ᠳᠤ ᠣᠯᠵᠤ ᠦᠵᠡᠳᠡᠭ ᠤᠳᠠ ᠤᠯᠢᠶᠠᠰᠤᠨ ᠤ ᠤᠩᠭᠠᠷᠢᠯ      ᠦᠵᠡᠬᠦ ᠳᠤ ᠮᠠᠰᠢ ᠰᠠᠶᠢᠬᠠᠨ ᠤᠤ ᠦᠭᠡᠢ ᠤᠤ
     ᠴᠢ ᠪᠦᠦ ᠦᠵᠡ      ᠤᠳᠠ ᠤᠯᠢᠶᠠᠰᠤᠨ ᠤ ᠤᠩᠭᠠᠷᠢᠯ ᠪᠤᠲᠠᠷᠠᠭᠰᠠᠨ ᠦᠵᠡᠮᠵᠢ ᠮᠠᠰᠢ ᠭᠤᠶᠤ      ᠭᠡᠲᠡᠯ᠎ᠡ ᠲᠡᠭᠦᠨ ᠤ ᠡᠪᠳᠡᠬᠦ ᠬᠦᠴᠦ ᠨᠢ ᠪᠠᠰᠠ ᠮᠠᠰᠢ ᠴᠢᠩᠭ᠎ᠠ      ᠤᠳᠠ ᠤᠯᠢᠶᠠᠰᠤᠨ ᠤ ᠤᠩᠭᠠᠷᠢᠯ ᠤᠨ ᠤᠷᠬᠢᠯ ᠤᠨ ᠦᠶ᠎ᠡ ᠳᠤ ᠡᠶᠢᠮᠦ ᠪᠠᠶᠢᠳᠠᠭ
     ᠴᠢᠨᠠᠭᠰᠢᠯᠠᠪᠠᠯ ᠡᠶᠢᠮᠦ
     ᠠᠭᠠᠷ ᠤᠨ ᠳᠤᠯᠠᠭᠠᠨ ᠤ ᠠᠭᠠᠵᠢᠮ ᠢᠶᠠᠷ ᠳᠡᠭᠡᠭᠰᠢᠯᠡᠬᠦ ᠶᠢ ᠲᠠᠭᠠᠯᠳᠣᠠ᠂ ᠲᠩᠷᠢ ᠬᠠᠭᠤᠷᠠᠢ ᠪᠣᠳᠠᠰ ᠬᠠᠭᠤᠷᠠᠢ      ᠤᠳᠠ ᠤᠯᠢᠶᠠᠰᠤᠨ ᠤ ᠤᠩᠭᠠᠷᠢᠯ ᠤᠨ ᠴᠢᠨᠠᠷ ᠢ ᠨᠡᠮᠡᠪᠡᠯ ᠬᠥᠩᠭᠡᠨ      ᠵᠥᠭᠡᠯᠡᠨ ᠰᠠᠯᠬᠢ ᠪᠠᠶᠢᠪᠠᠯ ᠳᠠᠷᠤᠢ ᠪᠠᠶᠢᠳᠠᠯ ᠢ ᠲᠠᠭᠠᠨ ᠳᠡᠭᠳᠡᠵᠦ ᠳᠡᠶᠢᠯᠦᠨ᠎ᠡ      ᠨᠣᠴᠣᠮᠠᠭᠴᠠ      ᠮᠠᠰᠢ ᠲᠦᠷᠭᠡᠨ ᠳᠡᠯᠭᠡᠷᠡᠬᠦ ᠠᠴᠠ ᠪᠣᠯᠵᠤ ᠭᠠᠶ ᠵᠣᠪᠠᠯᠠᠩ ᠲᠤᠯᠭᠠᠷᠠᠬᠤ ᠪᠣᠯᠤᠯᠴᠠᠭ᠎ᠠ ᠲᠠᠢ      ᠨᠡᠩ ᠶᠡᠭᠡ ᠭᠠᠯ ᠤᠨ ᠭᠠᠮᠰᠢᠭ ᠤᠨ ᠠᠳᠡᠯ ᠡᠭᠦᠰᠭᠡᠪᠡ      ᠪᠦᠭᠦᠳᠡᠭᠡᠷ ᠢᠶᠠᠨ ᠠᠰᠠᠭᠤᠯᠲᠠ ᠲᠠᠢ ᠪᠠᠶᠢᠬᠤ ᠮᠠᠭᠠᠳ᠃      ᠵᠢᠭᠠᠬᠠᠨ ᠤᠳᠠ ᠤᠯᠢᠶᠠᠰᠤᠨ ᠤ ᠤᠩᠭᠠᠷᠢᠯ ᠶᠠᠭᠠᠬᠢᠭᠠᠳ ᠭᠠᠯ ᠤᠨ ᠠᠶᠤᠯ ᠢ ᠡᠭᠦᠰᠭᠡᠭᠰᠡᠨ ᠪᠤᠢ      ᠦᠨᠡᠬᠡᠷ ᠡᠶᠢᠮᠦ ᠶᠡᠭᠡ ᠰᠦᠷ ᠬᠦᠴᠦᠨ ᠲᠠᠢ ᠤᠤ︖
     ᠤᠳᠠ ᠤᠯᠢᠶᠠᠰᠤᠨ ᠤ ᠤᠩᠭᠠᠷᠢᠯ ᠪᠣᠯ ᠤᠯᠢᠶᠠᠰᠤᠨ ᠮᠣᠳᠣ᠂ ᠤᠳᠠ ᠮᠣᠳᠣᠨ ᠤ ᠦᠷ᠎ᠡ ᠮᠥᠨ᠂ ᠶᠡᠭᠡ ᠬᠡᠮᠵᠢᠶᠡᠨ ᠤ ᠥᠭᠡᠬᠦ ᠲᠤᠰᠤ ᠲᠠᠢ᠂ ᠢᠯᠡ ᠭᠠᠯ ᠲᠠᠢ ᠤᠴᠠᠷᠠᠪᠠᠯ ᠬᠠᠭᠰᠠᠭᠠᠵᠤ ᠨᠣᠴᠣᠬᠤ ᠪᠥᠭᠡᠳ ᠲᠠᠷᠬᠠᠬᠤ ᠬᠤᠷᠳᠤᠴᠠ ᠨᠢ ᠲᠦᠢᠯ ᠤᠨ ᠲᠦᠷᠭᠡᠨ᠂ ᠠᠮᠠᠷᠬᠠᠨ ᠰᠢᠲᠠᠬᠤ ᠪᠣᠳᠠᠰ ᠲᠤ ᠲᠣᠭᠠᠴᠠᠭᠳᠠᠨ᠎ᠠ᠃ ᠲᠤᠷᠰᠢᠯᠲᠠ ᠶᠢᠨ ᠲᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂ ᠤᠳᠠ ᠤᠯᠢᠶᠠᠰᠤᠨ ᠤ ᠤᠩᠭᠠᠷᠢᠯ ᠨᠢ ᠢᠯᠡ ᠭᠠᠯ ᠲᠠᠢ ᠲᠣᠬᠢᠶᠠᠯᠳᠤᠪᠠᠯ᠂ 2 ᠰᠧᠺᠦ᠋ᠨ᠋ᠳ᠋ ᠤᠨ ᠳᠣᠲᠣᠷ᠎ᠠ ᠮᠠᠰᠢ ᠲᠦᠷᠭᠡᠨ ᠨᠣᠴᠣᠳᠠᠭ᠂ ᠬᠡᠷᠪᠡ ᠴᠠᠭ ᠲᠤᠬᠠᠶ ᠳᠤᠨᠢ ᠬᠢᠵᠠᠭᠠᠷᠯᠠᠬᠤ ᠥᠬᠡᠶ ᠪᠣᠯ ᠭᠠᠯ ᠤᠨ ᠪᠠᠶᠢᠳᠠᠯ ᠶᠡᠬᠡᠰᠴᠦ᠂ ᠮᠠᠰᠢ ᠲᠦᠷᠭᠡᠨ ᠢᠶᠠᠷ ᠳᠡᠯᠭᠡᠷᠡᠭᠡᠳ ᠪᠤᠰᠤᠳ ᠰᠢᠲᠠᠮᠠᠬᠠᠶ ᠪᠣᠳᠠᠰ ᠢ ᠨᠣᠴᠣᠭᠠᠵᠤ᠂ ᠭᠠᠯ ᠤᠨ ᠠᠶᠤᠯ ᠢ ᠪᠣᠶ ᠪᠣᠯᠭᠠᠳᠠᠭ᠃
     ᠤᠳᠠ ᠤᠯᠢᠶᠠᠰᠤᠨ ᠤ ᠤᠩᠭᠠᠷᠢᠯ ᠨᠢ ᠨᠣᠴᠣᠬᠤ ᠳᠤ ᠠᠮᠠᠷᠬᠠᠨ ᠳᠡᠯᠪᠡᠷᠡᠬᠦ ᠳᠤ ᠠᠮᠠᠷᠬᠠᠨ ᠪᠢᠰᠢ      ᠬᠠᠰᠢ ᠯᠠ ᠣᠳᠣ ᠶᠢᠨ ᠡᠨᠡ ᠤᠯᠠᠷᠢᠯ ᠤᠨ ᠣᠨᠴᠠ ᠭᠠᠷᠤᠯᠲᠠ      ᠡᠪᠡᠳᠴᠢᠨ ᠢ ᠡᠰᠡᠷᠭᠦᠴᠡᠬᠦ ᠴᠢᠳᠠᠪᠤᠷᠢ ᠪᠠᠷ ᠠᠨᠠᠶ᠂ ᠠᠮᠠᠷᠬᠠᠨ ᠬᠠᠷᠰᠢᠳᠠᠭ ᠪᠢᠴᠢᠬᠠᠨ ᠨᠠᠶᠢᠵᠠ ᠨᠠᠷ ᠠ      ᠤᠳᠠ ᠤᠯᠢᠶᠠᠰᠤᠨ ᠤ ᠤᠩᠭᠠᠷᠢᠯ ᠢ ᠬᠡᠳᠦ ᠠᠷᠪᠢᠨ ᠰᠣᠷᠣᠵᠤ ᠣᠷᠣᠭᠤᠯᠬᠤ ᠨᠢ ᠠᠮᠢᠰᠬᠤᠯ ᠤᠨ ᠵᠠᠮ ᠤᠨ ᠬᠠᠯᠳᠠᠪᠤᠷᠢᠯᠠᠯ ᠢ ᠠᠮᠠᠷᠬᠠᠨ ᠡᠭᠦᠰᠭᠡᠬᠦ ᠪᠠᠶᠢᠳᠠᠯ ᠪᠣᠯᠤᠨ᠎ᠠ      ᠤᠳᠠ ᠤᠯᠢᠶᠠᠰᠤᠨ ᠤ ᠤᠩᠭᠠᠷᠢᠯ ᠬᠤᠪᠴᠠᠰᠤ ᠬᠤᠨᠠᠷ ᠤᠨ ᠳᠡᠭᠡᠷ᠎ᠡ ᠴᠤᠭᠯᠠᠷᠠᠪᠠᠯ ᠪᠠᠰᠠ ᠠᠮᠠᠷᠬᠠᠨ ᠠᠷᠠᠰᠤᠨ ᠤ ᠬᠠᠷᠰᠢᠯ ᠵᠡᠷᠭᠡ ᠡᠪᠡᠳᠴᠢᠨ ᠢ ᠡᠭᠦᠰᠭᠡᠨ᠎ᠡ      ᠡᠭᠦᠨ ᠢ ᠵᠠᠪᠠᠯ ᠠᠩᠬᠠᠷᠬᠤ ᠬᠡᠷᠡᠭᠲᠡᠶ︕      2017 ᠣᠨ ᠤ 5 ᠰᠠᠷ᠎ᠠ ᠶᠢᠨ 1 ᠤ ᠡᠳᠦᠷ᠂ ᠪᠡᠭᠡᠵᠢᠩ ᠤᠨ ᠴᠤᠤᠶᠠᠩ ᠲᠣᠭᠤᠷᠢᠭ ᠤᠨ ᠨᠢᠭᠡᠨ ᠲᠡᠷᠭᠡᠨ ᠵᠣᠭᠰᠣᠭᠠᠯ ᠳᠤ ᠭᠠᠯ ᠤᠨ ᠠᠶᠤᠯ ᠭᠠᠷᠴᠤ᠂ 90 ᠮᠠᠰᠢᠨ ᠲᠡᠷᠭᠡ ᠭᠠᠯ ᠭᠠᠷᠪᠠ᠃ ᠰᠡᠭᠦᠯᠡᠷ ᠨᠢ ᠪᠠᠶᠢᠴᠠᠭᠠᠯᠲᠠ ᠪᠠᠷ ᠳᠡᠮᠵᠢᠨ᠂ ᠭᠠᠯ ᠭᠠᠷᠤᠭᠰᠠᠨ ᠰᠢᠯᠲᠠᠭᠠᠨ ᠨᠢ ᠢᠯᠡ ᠭᠠᠯ ᠨᠣᠴᠣᠭᠠᠨ ᠣᠪᠣᠭᠠᠷᠠᠭᠰᠠᠨ ᠤᠳᠠ ᠤᠯᠢᠶᠠᠰᠤᠨ ᠤ ᠤᠩᠭᠠᠷᠢᠯ ᠵᠢᠴᠢ ᠭᠠᠯ ᠭᠠᠷᠤᠭᠰᠠᠨ ᠠᠴᠠ ᠪᠣᠯᠤᠭᠰᠠᠨ ᠢ ᠣᠯᠵᠤ ᠮᠡᠳᠡᠵᠡᠶ᠃      2017 ᠣᠨ ᠤ 5 ᠰᠠᠷ᠎ᠠ ᠶᠢᠨ 17 ᠤ ᠡᠳᠦᠷ᠂ ᠥᠪᠥᠷ ᠮᠣᠩᠭᠤᠯ ᠤᠨ ᠬᠥᠬᠡᠬᠤᠲᠠ ᠶᠢᠨ ᠨᠢᠭᠡᠨ ᠴᠡᠴᠡᠷᠯᠢᠭ ᠲᠤ ᠤᠳᠠ ᠤᠯᠢᠶᠠᠰᠤᠨ ᠤ ᠤᠩᠭᠠᠷᠢᠯ ᠨᠣᠴᠣᠭᠠᠭᠰᠠᠨ ᠠᠴᠠ ᠪᠣᠯᠵᠣ ᠭᠠᠯ ᠤᠨ ᠠᠶᠤᠯ ᠭᠠᠷᠴᠠᠶ᠃ ᠡᠷᠡᠭᠲᠡᠶ ᠸᠠᠩ ᠣᠪᠣᠭᠲᠤ ᠲᠣᠭᠤᠷᠢᠭᠤᠯᠬᠤ ᠵᠠᠮ ᠳᠠᠭᠠᠨ ᠤᠳᠠ ᠶᠢᠨ ᠤᠩᠭᠠᠷᠢᠯ ᠢ ᠦᠵᠡᠭᠡᠳ ᠮᠠᠰᠢ ᠡᠭᠳᠡᠭᠦᠦ ᠲᠠᠢ ᠰᠠᠨᠠᠭᠳᠠᠳᠠᠭ᠂ ᠭᠡᠲᠡᠯ᠎ᠡ ᠲᠡᠷᠡ ᠥᠪᠡᠷ ᠢᠶᠠᠨ ᠬᠠᠮᠠᠷ ᠤᠨ ᠦᠷᠪᠢᠰᠦᠯ ᠲᠠᠢ ᠪᠣᠯᠬᠤᠷ ᠤᠳᠠ ᠶᠢᠨ ᠤᠩᠭᠠᠷᠢᠯ ᠳᠤ ᠪᠠᠰᠠ ᠬᠠᠷᠰᠢᠯ ᠡᠭᠦᠰᠴᠡᠶ᠃ ᠠᠭᠤᠷ ᠬᠢᠯᠢᠩ ᠠᠴᠠ ᠪᠠᠨ ᠪᠣᠯᠵᠤ ᠲᠡᠷᠡ ᠭᠠᠯ ᠨᠣᠴᠣᠭᠠᠬᠤ ᠮᠠᠰᠢᠨ ᠢᠶᠠᠷ ᠴᠡᠴᠡᠷᠯᠢᠭ ᠤᠨ ᠵᠠᠮ ᠤᠨ ᠬᠠᠵᠠᠭᠤ ᠳᠤ ᠣᠪᠣᠭᠠᠯᠠᠭᠰᠠᠨ ᠤᠳᠠ ᠤᠯᠢᠶᠠᠰᠤᠨ ᠤ ᠤᠩᠭᠠᠷᠢᠯ ᠢ ᠨᠣᠴᠣᠭᠠᠭᠰᠠᠨ ᠳᠤ ᠰᠠᠨᠠᠭᠠᠨ ᠳᠤ ᠦᠭᠡᠶ ᠶᠡᠭᠡ ᠪᠣᠯᠵᠤ᠂ ᠴᠡᠴᠡᠷᠯᠢᠭ ᠤᠨ ᠳᠣᠲᠣᠷᠠᠬᠢ ᠨᠠᠰᠤᠨ ᠳᠤ ᠬᠦᠷᠦᠭᠰᠡᠨ 15 ᠨᠠᠷᠠᠰᠤᠨ ᠮᠣᠳᠣ ᠰᠢᠲᠠᠭᠳᠠᠨ ᠰᠦᠢᠳᠴᠡᠶ᠃ ᠬᠡᠷᠡᠭ ᠤᠨ ᠲᠠᠷᠠᠭ᠎ᠠ᠂ ᠸᠠᠩ ᠣᠪᠣᠭᠲᠤ ᠶᠢ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠳᠤ ᠲᠦᠷ ᠬᠤᠷᠢᠪᠠ᠃      ᠨᠣᠴᠣᠭᠠᠬᠤ ᠬᠦᠴᠦᠨ ᠵᠦᠢᠯ ᠤᠯᠠᠨ᠂ ᠰᠡᠷᠭᠡᠶᠢᠯᠡᠨ ᠡᠵᠡᠮᠳᠡᠬᠦ ᠳᠤ ᠬᠦᠴᠢᠷ ᠪᠠᠶᠢᠳᠠᠭ᠃ ᠤᠳᠠ ᠤᠯᠢᠶᠠᠰᠤᠨ ᠤ ᠤᠩᠭᠠᠷᠢᠯ ᠭᠠᠯ ᠤᠨ ᠠᠶᠤᠯ ᠢ ᠨᠣᠴᠣᠭᠠᠭᠰᠠᠨ ᠤ ᠭᠤᠣᠯ ᠰᠢᠯᠲᠠᠭᠠᠨ ᠨᠢ ᠳᠣᠣᠷᠠᠬᠢ ᠮᠡᠲᠦ ᠬᠤᠶᠠᠷ ᠲᠠᠯ᠎ᠠ ᠪᠣᠯᠤᠨ᠎ᠠ᠄ ᠨᠢᠭᠡᠳᠦᠭᠡᠷ ᠲᠤ᠂ ᠪᠢᠴᠢᠬᠠᠨ ᠨᠠᠶᠢᠵᠠ ᠨᠠᠷ ᠭᠠᠯ ᠢᠶᠠᠷ ᠨᠠᠭᠠᠳᠤᠭᠰᠠᠨ ᠠᠴᠠ ᠪᠣᠯᠵᠠᠶ᠃ ᠪᠢᠴᠢᠬᠠᠨ ᠨᠠᠶᠢᠵᠠ ᠨᠠᠷ ᠤᠨ ᠰᠣᠨᠢᠭᠤᠴᠢ ᠰᠡᠳᠬᠢᠯ ᠨᠢ ᠴᠢᠩᠭ᠎ᠠ ︵ᠨᠢᠯᠬᠠᠰᠠᠭ ᠵᠠᠩ ᠢᠶᠠᠷ ᠢᠶᠠᠨ ᠠᠷᠢᠯᠤᠭᠠᠳᠤᠶ ︽ᠶᠡᠭᠡ ᠨᠠᠶᠢᠵᠠ ︾ ᠴᠤ ᠪᠣᠶ︶ ᠪᠠᠶᠢᠵᠤ᠂ ᠪᠤᠷᠭᠠᠰᠤᠨ ᠤ ᠤᠩᠭᠠᠷᠢᠯ ᠳᠤ ᠰᠣᠨᠢᠭᠤᠴᠢ ᠰᠡᠳᠬᠢᠯ ᠢᠶᠠᠷ ᠳᠦᠭᠦᠷᠴᠦ᠂ ᠦᠷᠭᠦᠯᠵᠢ ᠣᠪᠣᠭᠠᠷᠠᠭᠰᠠᠨ ᠪᠤᠷᠭᠠᠰᠤᠨ ᠤ ᠤᠩᠭᠠᠷᠢᠯ ᠢ ᠨᠣᠴᠣᠭᠠᠭᠠᠳ ᠭᠠᠯ ᠤᠨ ᠠᠶᠤᠯ ᠡᠭᠦᠰᠭᠡᠳᠡᠭ᠃ ᠬᠤᠶᠠᠳᠤᠭᠠᠷ ᠲᠤ᠂ ᠲᠠᠮᠠᠬᠢᠨ ᠶᠣᠣ ᠶᠢ ᠳᠤᠷ᠎ᠠ ᠪᠠᠷ ᠢᠶᠠᠨ ᠬᠠᠶᠠᠭᠰᠠᠨ ᠠᠴᠠ ᠪᠣᠯᠵᠠᠶ᠃ ᠤᠨᠲᠠᠷᠠᠭᠠᠳᠤᠢ ᠲᠠᠮᠠᠬᠢᠨ ᠤᠲᠤᠭ᠎ᠠ ᠶᠢ ᠤᠳᠠ ᠤᠯᠢᠶᠠᠰᠤᠨ ᠤ ᠤᠩᠭᠠᠷᠢᠯ ᠤᠨ ᠣᠪᠣᠭᠠᠷᠠᠯ ᠳᠠᠪᠬᠤᠷᠭ᠎ᠠ ᠳᠤ ᠬᠠᠶᠠᠬᠤ ᠳᠤ ᠭᠠᠯ ᠲᠣᠬᠢᠶᠠᠯᠳᠤᠪᠠᠯ ᠳᠣᠣᠷ᠎ᠠ ᠪᠠᠨ ᠨᠣᠴᠣᠳᠠᠭ᠂ ᠭᠡᠲᠡᠯ᠎ᠡ ᠲᠠᠮᠠᠬᠢᠨ ᠤᠲᠤᠭ᠎ᠠ ᠬᠠᠶᠠᠭᠰᠠᠨ ᠬᠥᠮᠦᠨ ᠶᠠᠪᠤᠭᠰᠠᠨ ᠤ ᠲᠠᠷᠠᠭ᠎ᠠ ᠴᠠᠭ ᠲᠤᠬᠠᠢ ᠳᠤᠨᠢ ᠰᠡᠷᠭᠡᠶᠢᠯᠡᠨ ᠡᠵᠡᠮᠳᠡᠵᠦ ᠳᠡᠶᠢᠯᠬᠦ ᠦᠭᠡᠢ ᠠᠴᠠ ᠪᠤᠯᠵᠤ ᠭᠠᠯ ᠤᠨ ᠪᠠᠶᠢᠳᠠᠯ ᠢ ᠥᠷᠭᠡᠵᠢᠭᠦᠯᠦᠨ ᠥᠷᠭᠡᠳᠬᠡᠳᠡᠭ ᠪᠠᠶᠢᠨ᠎ᠠ ᠃ ᠡᠨᠡ ᠨᠢ ᠤᠨᠲᠠᠷᠠᠭᠠᠳᠤᠢ ᠲᠠᠮᠠᠬᠢᠨ ᠤᠲᠤᠭ᠎ᠠ ᠶᠢ ᠤᠳᠠ ᠶᠢᠨ ᠤᠩᠭᠠᠷᠢᠯ ᠤᠨ ᠣᠪᠣᠭᠠᠷᠠᠯ ᠳᠠᠪᠬᠤᠷᠭ᠎ᠠ ᠳᠤ ᠬᠠᠶᠠᠵᠤ᠂ ᠭᠠᠯ ᠤᠨ ᠪᠠᠶᠢᠳᠠᠯ ᠢ ᠶᠡᠬᠡᠳᠬᠡᠬᠦ ᠳᠤ ᠬᠦᠷᠦᠭᠦᠯᠦᠭᠰᠡᠨ ᠪᠠᠶᠢᠨ᠎ᠠ᠃      ᠳᠡᠯᠭᠡᠷᠡᠬᠦ ᠬᠤᠷᠳᠤᠴᠠ ᠨᠢ ᠲᠦᠷᠭᠡᠨ᠃ ᠤᠳᠠ ᠤᠯᠢᠶᠠᠰᠤᠨ ᠤ ᠤᠩᠭᠠᠷᠢᠯ ᠭᠠᠵᠠᠷ ᠪᠣᠯᠭᠠᠨ ᠳᠤ ᠬᠥᠪᠴᠦ᠂ ᠵᠠᠶ ᠵᠠᠪᠰᠠᠷ ᠦᠭᠡᠶ ᠣᠷᠣᠵᠤ᠂ ᠡᠪᠡᠰᠦᠨ ᠣᠪᠣᠭᠠᠨ ᠤ ᠬᠥᠪᠡᠭᠡ᠂ ᠠᠷᠠᠳ ᠤᠨ ᠪᠠᠶᠢᠰᠢᠩ ᠤᠨ ᠡᠷᠭᠢᠨ ᠲᠣᠭᠤᠷᠢᠨ ᠳᠤ ᠴᠤ ᠭᠡᠰᠡᠨ᠂ ᠡᠰᠡᠬᠦᠯ᠎ᠡ ᠭᠤᠣ ᠰᠤᠪᠠᠭ᠂ ᠲᠣᠮᠣ ᠫᠤᠩ ᠳᠡᠭᠡᠷ᠎ᠡ ᠴᠦ ᠭᠡᠰᠡᠨ᠂ ᠭᠠᠵᠠᠷ ᠪᠣᠯᠭᠠᠨ ᠳᠤ ᠤᠳᠠ ᠤᠯᠢᠶᠠᠰᠤᠨ ᠤ ᠤᠩᠭᠠᠷᠢᠯ ᠢᠶᠠᠷ ᠪᠦᠷᠬᠦᠭᠳᠡᠵᠦ ᠪᠠᠶᠢᠳᠠᠭ᠂ ᠡᠶᠢᠮᠦ ᠠᠴᠠ ᠬᠡᠷᠪᠡ ᠴᠠᠭ ᠲᠤᠬᠠᠶ ᠳᠤᠨᠢ ᠬᠢᠵᠠᠭᠠᠷᠯᠠᠬᠤ ᠦᠭᠡᠶ ᠪᠣᠯ ᠡᠪᠡᠰᠦᠨ ᠣᠪᠣᠭᠠᠨ ᠤ ᠤᠪᠤᠭ᠎ᠠ᠂ ᠠᠷᠠᠳ ᠤᠨ ᠭᠡᠷ᠂ ᠵᠦᠯᠭᠡ᠂ ᠲᠣᠮᠣ ᠫᠤᠩ ᠵᠡᠷᠭᠡ ᠪᠣᠳᠠᠰ ᠢ ᠮᠠᠰᠢ ᠠᠮᠠᠷᠬᠠᠨ ᠨᠣᠴᠣᠭᠠᠵᠤ᠂ ᠨᠡᠯᠢᠶᠡᠳ ᠶᠡᠭᠡ ᠭᠠᠯ ᠤᠨ ᠪᠠᠶᠢᠳᠠᠯ ᠲᠠᠢ ᠪᠣᠯᠳᠠᠭ᠃      ᠭᠠᠯ ᠤᠨᠲᠠᠷᠠᠭᠠᠬᠤ ᠳᠤ ᠬᠦᠴᠢᠷ ᠲᠠᠢ᠃ ᠤᠳᠠ ᠤᠯᠢᠶᠠᠰᠤᠨ ᠤ ᠤᠩᠭᠠᠷᠢᠯ ᠤᠨ ᠭᠠᠯ ᠤᠨ ᠠᠶᠤᠯ ᠬᠥᠳᠡᠭᠡ ᠲᠣᠰᠬᠤᠨ ᠳᠤ ᠣᠯᠠᠩᠬᠢ ᠳᠠᠭᠠᠨ ᠭᠠᠷᠳᠠᠭ᠂ ᠭᠠᠵᠠᠷ ᠣᠷᠣᠨ ᠨᠢ ᠨᠡᠯᠢᠶᠡᠳ ᠬᠡᠯᠪᠠᠶᠢᠭᠦᠦ ᠪᠠᠶᠢᠵᠤ᠂ ᠵᠠᠮ ᠬᠠᠷᠢᠯᠴᠠᠭᠠᠨ ᠤ ᠪᠠᠶᠢᠳᠠᠯ ᠨᠢ ᠨᠡᠯᠢᠶᠡᠳ ᠠᠨᠠᠶ᠂ ᠭᠠᠯ ᠤᠨᠲᠠᠷᠠᠭᠠᠬᠤ ᠳᠤᠮᠳᠠ ᠠᠩᠬᠢ ᠶᠢᠨ ᠲᠤᠮᠤ ᠬᠡᠯᠪᠡᠷᠢ ᠶᠢᠨ ᠭᠠᠯ ᠤᠨᠲᠠᠷᠠᠭᠠᠬᠤ ᠲᠡᠷᠭᠡ ᠣᠷᠣᠵᠤ ᠳᠡᠶᠢᠯᠬᠦ ᠦᠭᠡᠢ ᠪᠠᠶᠢᠵᠤ᠂ ᠵᠠᠷᠢᠮ ᠳᠠᠭᠠᠨ ᠴᠢᠨᠠᠭᠰᠢᠯᠠᠭᠠᠳ ᠶᠠᠪᠠᠭᠠᠨ ᠢᠶᠠᠷ ᠵᠡᠪᠰᠡᠭ ᠲᠣᠨᠣᠭᠯᠠᠯ ᠢᠶᠠᠨ ᠠᠪᠴᠤ ᠣᠷᠣᠵᠤ ᠢᠷᠡᠬᠦ ᠴᠢᠬᠤᠯᠠᠲᠠᠶ ᠪᠠᠶᠢᠵᠤ᠂ ᠭᠠᠯ ᠤᠨ ᠠᠶᠤᠯ ᠢ ᠤᠨᠲᠠᠷᠠᠭᠠᠬᠤ ᠶᠢᠨ ᠬᠦᠴᠢᠷ ᠤᠨ ᠬᠡᠮᠵᠢᠶ᠎ᠡ ᠶᠢ ᠨᠡᠮᠡᠭᠳᠡᠭᠦᠯᠳᠡᠭ᠃      ᠤᠳᠠ ᠤᠯᠢᠶᠠᠰᠤᠨ ᠤ ᠤᠩᠭᠠᠷᠢᠯ ᠶᠡᠭᠡ ᠬᠡᠪᠴᠢᠶ᠎ᠡ ᠪᠠᠷ ᠬᠥᠪᠴᠦ ᠪᠠᠭᠤᠬᠤ ᠤᠯᠠᠷᠢᠯ ᠳᠤ᠂ ᠰᠠᠭᠤᠭᠠᠯᠢ ᠠᠷᠠᠳ ᠨᠠᠶᠢᠵᠠ ᠨᠠᠷ ᠭᠡᠷ ᠤᠨ ᠠᠷᠤ ᠲᠠᠯ᠎ᠠ ᠳᠠᠬᠢ ᠤᠳᠠ ᠤᠯᠢᠶᠠᠰᠤᠨ ᠤ ᠤᠩᠭᠠᠷᠢᠯ ᠢ ᠴᠡᠪᠡᠷᠯᠡᠵᠦ᠂ ᠨᠡᠶᠢᠭᠡᠮ ᠲᠣᠭᠤᠷᠢᠭ ᠪᠠ ᠲᠤᠷᠰᠢᠨ ᠪᠠᠶᠢᠴᠠᠭᠠᠬᠤ ᠠᠵᠤ ᠠᠬᠤᠶᠢᠯᠠᠯ ᠠᠵᠢᠯ ᠦᠢᠯᠡᠰ ᠤᠨ ᠨᠢᠭᠡᠴᠢ ᠨᠦᠭᠦᠳ ᠬᠥᠮᠦᠰ ᠢ ᠵᠣᠬᠢᠶᠠᠨ ᠪᠠᠶᠢᠭᠤᠯᠵᠤ ᠴᠠᠭ ᠲᠤᠬᠠᠶ ᠳᠤᠨᠢ ᠵᠡᠭᠡᠯᠢ ᠭᠤᠳᠤᠮᠵᠢ᠂ ᠵᠢᠵᠢᠭ ᠲᠣᠭᠤᠷᠢᠭ ᠪᠠ ᠨᠢᠭᠡᠴᠢ ᠶᠢᠨ ᠳᠣᠲᠣᠷᠠᠬᠢ ᠤᠳᠠ ᠤᠯᠢᠶᠠᠰᠤᠨ ᠤ ᠤᠩᠭᠠᠷᠢᠯ ᠢ ᠴᠡᠪᠡᠷᠯᠡᠵᠦ᠂ ᠭᠠᠯ ᠤᠨ ᠠᠶᠤᠯ ᠭᠠᠷᠬᠤ ᠠᠴᠠ ᠵᠠᠶᠢᠯᠠᠰᠬᠢᠬᠦ ᠬᠡᠷᠡᠭᠲᠡᠶ᠃     ᠤᠳᠠ ᠤᠯᠢᠶᠠᠰᠤᠨ ᠤ ᠤᠩᠭᠠᠷᠢᠯ ᠨᠢ ᠨᠣᠴᠣᠮᠠᠲᠠᠭᠠᠶ᠂ ᠨᠣᠴᠣᠬᠤ ᠬᠤᠷᠳᠤᠴᠠ ᠨᠢ ᠲᠦᠷᠭᠡᠨ᠂ ᠠᠶᠤᠯ ᠲᠦᠭᠰᠢᠭᠦᠷᠢ ᠨᠢ ᠶᠡᠭᠡ ᠵᠡᠷᠭᠡ ᠣᠨᠴᠠᠯᠢᠭ ᠲᠠᠢ᠂ ᠤᠳᠠ ᠤᠯᠢᠶᠠᠰᠤᠨ ᠤ ᠤᠩᠭᠠᠷᠢᠯ ᠢ ᠳᠤᠷ᠎ᠠ ᠪᠠᠷ ᠢᠶᠠᠨ ᠨᠣᠴᠣᠭᠠᠵᠤ ᠪᠣᠯᠬᠤ ᠥᠬᠡᠶ᠂ ᠲᠦᠯᠡᠭᠡ᠂ ᠮᠣᠳᠣᠨ ᠰᠠᠯᠠᠭ᠎ᠠ ᠵᠡᠷᠭᠡ ᠨᠣᠴᠣᠮᠠᠲᠠᠭᠠᠶ ᠪᠣᠳᠠᠰ ᠢ ᠪᠠᠷᠢᠯᠭ᠎ᠠ ᠶᠢᠨ ᠲᠣᠭᠤᠷᠢᠨ ᠳᠤ ᠲᠠᠯᠪᠢᠵᠤ ᠪᠣᠯᠬᠤ ᠥᠬᠡᠶ᠂ ᠨᠣᠴᠣᠮᠠᠲᠠᠭᠠᠶ ᠪᠣᠳᠠᠰ ᠤᠨ ᠳᠡᠭᠡᠷ᠎ᠡ ᠨᠠᠭᠠᠯᠳᠤᠵᠤ ᠪᠠᠶᠢᠭ᠎ᠠ ᠤᠳᠠ ᠤᠯᠢᠶᠠᠰᠤᠨ ᠤ ᠤᠩᠭᠠᠷᠢᠯ ᠢ ᠤᠷᠢᠳ ᠢᠶᠠᠷ ᠤᠰᠤ ᠪᠠᠷ ᠰᠠᠴᠤᠵᠤ᠂ ᠱᠦᠭᠦᠷᠳᠡᠨ ᠪᠤᠯᠠᠬᠤ ᠠᠷᠭ᠎ᠠ ᠪᠠᠷ ᠴᠠᠭ ᠲᠤᠬᠠᠶ ᠳᠤᠨᠢ ᠴᠡᠪᠡᠷᠯᠡᠵᠦ᠂ ᠨᠢᠭᠡ ᠭᠠᠵᠠᠷ ᠲᠤ ᠭᠠᠯ ᠤᠨ ᠠᠶᠤᠯ ᠭᠠᠷᠴᠤ ︽ᠭᠠᠯ ᠢ ᠵᠠᠯᠭᠠᠭᠤᠯᠤᠨ ᠡᠵᠡᠩᠨᠡᠬᠦ︾ ᠪᠠᠶᠢᠳᠠᠯ ᠭᠠᠷᠬᠤ ᠠᠴᠠ ᠵᠠᠶᠢᠯᠠᠰᠬᠢᠬᠦ ᠬᠡᠷᠡᠭᠲᠡᠶ᠃      ᠰᠤᠷᠭᠠᠭᠤᠯᠢ ᠪᠠ ᠭᠡᠷ ᠤᠨ ᠠᠬᠠᠮᠠᠳ ᠬᠡᠦᠬᠡᠳ ᠲᠤ ᠬᠢᠬᠦ ᠰᠤᠷᠭᠠᠨ ᠬᠥᠮᠦᠵᠢᠯ ᠢ ᠴᠢᠩᠭᠠᠳᠬᠠᠵᠤ᠂ ᠤᠳᠠ ᠤᠯᠢᠶᠠᠰᠤᠨ ᠤ ᠤᠩᠭᠠᠷᠢᠯ ᠢ ᠳᠤᠷ᠎ᠠ ᠪᠠᠷ ᠢᠶᠠᠨ ᠠᠰᠠᠭᠠᠬᠤ ᠶᠢ ᠴᠢᠩᠭ᠎ᠠ ᠴᠠᠭᠠᠵᠠᠯᠠᠵᠤ᠂ ᠤᠳᠠ ᠤᠯᠢᠶᠠᠰᠤᠨ ᠤ ᠤᠩᠭᠠᠷᠢᠯ ᠳᠤ ᠭᠠᠯ ᠭᠠᠷᠤᠭᠰᠠᠨ ᠠᠴᠠ ᠪᠤᠯᠵᠤ ᠬᠥᠮᠦᠨ ᠤ ᠪᠡᠶ᠎ᠡ ᠶᠢ ᠰᠢᠷᠬᠠᠲᠤᠭᠤᠯᠵᠤ ᠦᠬᠦᠭᠦᠯᠬᠦ ᠪᠠ ᠡᠳ᠋ ᠬᠦᠷᠦᠩᠭᠡ ᠶᠢ ᠬᠤᠬᠢᠷᠠᠭᠤᠯᠬᠤ ᠠᠴᠠ ᠰᠡᠷᠭᠡᠶᠢᠯᠡᠬᠦ ᠬᠡᠷᠡᠭᠲᠡᠶ᠃      ᠭᠡᠷ ᠳᠣᠲᠣᠷ᠎ᠠ ᠪᠤᠶᠤ ᠭᠠᠳᠠᠨ᠎ᠠ ᠳᠤᠷ᠎ᠠ ᠪᠠᠷ ᠢᠶᠠᠨ ᠲᠠᠮᠠᠬᠢ ᠪᠠᠨ ᠬᠠᠶᠠᠵᠤ ᠪᠣᠯᠬᠤ ᠦᠭᠡᠢ᠂ ᠡᠩ ᠤᠨ ᠦᠶ᠎ᠡ ᠳᠤ ᠭᠠᠯ ᠰᠡᠷᠭᠡᠶᠢᠯᠡᠨ ᠤᠨᠲᠠᠷᠠᠭᠠᠬᠤ ᠠᠮᠤᠷ ᠲᠦᠪᠰᠢᠨ ᠤ ᠮᠡᠳᠡᠯᠭᠡ ᠶᠢᠨ ᠰᠤᠷᠤᠯᠴᠠᠯᠭ᠎ᠠ ᠪᠠᠨ ᠴᠢᠩᠭᠠᠳᠬᠠᠵᠤ᠂ ᠭᠠᠯ ᠰᠡᠷᠭᠡᠶᠢᠯᠡᠨ ᠤᠨᠲᠠᠷᠠᠭᠠᠬᠤ ᠠᠮᠤᠷ ᠲᠦᠪᠰᠢᠨ ᠤ ᠤᠬᠠᠮᠰᠠᠷ ᠪᠠ ᠠᠮᠢ ᠵᠢᠭᠤᠲᠠᠵᠤ ᠥᠪᠡᠷ ᠢ ᠪᠠᠨ ᠠᠪᠤᠷᠠᠬᠤ ᠴᠢᠳᠠᠪᠤᠷᠢ ᠪᠠᠨ ᠳᠡᠭᠡᠭᠰᠢᠯᠡᠭᠦᠯᠬᠦ ᠬᠡᠷᠡᠭᠲᠡᠶ᠃      ᠮᠣᠳᠣ ᠪᠣᠯᠪᠠᠰᠤᠷᠠᠭᠤᠯᠬᠤ ᠦᠢᠯᠡᠳᠪᠦᠷᠢ᠂ ᠲᠤᠰᠤ ᠨᠡᠮᠡᠬᠦ ᠦᠷᠳᠡᠭᠡ ᠵᠡᠷᠭᠡ ᠨᠢᠭᠡᠴᠢ ᠶᠢ ᠨᠡᠩ ᠴᠢᠩᠭ᠎ᠠ ᠰᠡᠷᠭᠡᠶᠢᠯᠡᠵᠦ᠂ ᠰᠡᠷᠭᠡᠶᠢᠯᠡᠨ ᠡᠵᠡᠮᠳᠡᠬᠦ ᠪᠠᠨ ᠴᠢᠩᠭᠠᠳᠬᠠᠵᠤ᠂ ᠦᠷᠭᠦᠯᠵᠢ ᠱᠦᠭᠦᠷᠳᠡᠨ ᠴᠡᠪᠡᠷᠯᠡᠵᠦ᠂ ᠱᠠ ᠴᠣᠩᠬᠤ ᠲᠠᠭᠠᠷᠠᠭᠤᠯᠵᠤ᠂ ᠤᠳᠠ ᠤᠯᠢᠶᠠᠰᠤᠨ ᠤ ᠤᠩᠭᠠᠷᠢᠯ ᠳᠤ ᠭᠠᠯ ᠤᠨ ᠠᠶᠤᠯ ᠭᠠᠷᠬᠤ ᠠᠴᠠ ᠰᠡᠷᠭᠡᠶᠢᠯᠡᠬᠦ ᠬᠡᠷᠡᠭᠲᠡᠶ᠃      ᠭᠠᠯ ᠤᠨ ᠪᠠᠶᠢᠳᠠᠯ ᠢ ᠮᠡᠳᠡᠭᠰᠡᠭᠡᠷ      ᠴᠠᠭ ᠲᠤᠬᠠᠢ ᠳᠤ 119 ᠳᠤ ᠤᠲᠠᠰᠤᠳᠠᠵᠤ ᠴᠠᠭᠳᠠᠭ᠎ᠠ ᠳᠤ ᠮᠡᠳᠡᠭᠦᠯᠬᠦ ᠬᠡᠷᠡᠭᠲᠡᠢ᠃      ᠶᠡᠷᠦ ᠳᠡᠭᠡᠨ ᠦᠳᠡ ᠶᠢᠨ ᠡᠮᠦᠨ᠎ᠡ ᠶᠢᠨ 10 ᠴᠠᠭ ᠠᠴᠠ ᠦᠳᠡ ᠶᠢᠨ ᠬᠤᠶᠢᠨ᠎ᠠ ᠶᠢᠨ 16 ᠴᠠᠭ ᠪᠣᠯᠲᠠᠯ᠎ᠠ ᠨᠢᠰᠳᠡᠭ ᠪᠥᠭᠡᠳ ᠬᠠᠷᠰᠢᠬᠤ ᠮᠠᠬᠠᠪᠣᠳ ᠲᠠᠢ ᠬᠥᠮᠦᠨ ᠠᠯᠢ ᠴᠢᠳᠠᠬᠤ ᠪᠠᠷ ᠡᠨᠡ ᠴᠠᠭ ᠠᠴᠠ ᠵᠠᠶᠢᠯᠠᠵᠤ ᠭᠠᠳᠠᠭᠰᠢ ᠭᠠᠷᠤᠨ᠎ᠠ᠃ ᠬᠡᠷᠪᠡ ᠵᠠᠪᠠᠯ ᠭᠠᠳᠠᠭᠰᠢ ᠭᠠᠷᠬᠤ ᠳᠤ ᠬᠦᠷᠪᠡᠯ ᠠᠯᠢ ᠴᠢᠳᠠᠬᠤ ᠪᠠᠷ ᠤᠳᠠ ᠤᠯᠢᠶᠠᠰᠤᠨ ᠤ ᠤᠩᠭᠠᠷᠢᠯ ᠨᠢ ᠥᠷᠯᠥᠭᠡ᠂ ᠰᠥᠨᠢ᠂ ᠡᠰᠡᠬᠦᠯ᠎ᠡ ᠪᠣᠷᠣᠭᠠᠨ ᠤ ᠳᠠᠷᠠᠭ᠎ᠠ ᠪᠠᠭ᠎ᠠ ᠰᠢᠭ᠋ ᠪᠠᠶᠢᠬᠤ ᠶᠢ ᠰᠣᠩᠭᠤᠬᠤ ᠬᠡᠷᠡᠭᠲᠡᠶ ᠃ ᠶᠠᠷᠢᠶᠠᠨ ᠦᠭᠡᠢ᠂ ᠬᠡᠷᠪᠡ ᠪᠣᠯᠬᠤ ᠳᠤ ᠬᠦᠷᠪᠡᠯ᠂ ᠭᠡᠷ ᠲᠡᠭᠡᠨ ᠨᠢᠭᠤᠵᠤ ᠰᠠᠭᠤᠭᠠᠳ ᠭᠠᠳᠠᠭᠰᠢ ᠭᠠᠷᠬᠤ ᠦᠭᠡᠢ ᠪᠣᠯ ᠬᠠᠮᠤᠭ ᠤᠨ ᠰᠠᠶᠢᠨ ᠰᠣᠩᠭᠤᠯᠲᠠ ᠪᠣᠯᠤᠨ᠎ᠠ᠃      ᠭᠠᠳᠠᠭᠰᠢ ᠭᠠᠷᠬᠤ ᠳᠠᠭᠠᠨ ᠴᠢᠳᠠᠬᠤ ᠶᠢᠨ ᠬᠢᠷᠢ ᠪᠠᠷ ᠰᠠᠶᠢᠲᠤᠷ ᠬᠠᠮᠠᠭᠠᠯᠠᠬᠤ ᠬᠡᠷᠡᠭᠲᠡᠶ᠂ ᠠᠮᠠᠪᠴᠢ᠂ ᠨᠢᠳᠦᠨ ᠰᠢᠯ ᠪᠣᠯᠤᠨ ᠭᠠᠳᠠᠷ ᠬᠦᠷᠮ᠎ᠡ ᠶᠢ ᠨᠢᠭᠡ ᠴᠦ ᠣᠷᠬᠢᠭᠳᠠᠭᠤᠯᠵᠤ ᠪᠣᠯᠬᠤ ᠦᠭᠡᠢ᠂ ᠥᠪᠴᠢ ︽ᠵᠡᠪᠰᠡᠭᠯᠡᠯ︾ ᠢᠶᠠᠷ ᠭᠠᠳᠠᠭᠰᠢ ᠭᠠᠷᠤᠨ᠎ᠠ᠃ ᠤᠩᠭᠠᠷᠢᠯ ᠤᠨ ᠮᠥᠬᠦᠯᠢᠭ ᠨᠢ ᠨᠡᠯᠢᠶᠡᠳ ᠲᠣᠮᠣ ᠪᠣᠯᠬᠤᠷ᠂ ᠡᠩ ᠤᠨ ᠠᠮᠠᠪᠴᠢ ᠪᠠᠷ ᠬᠠᠯᠬᠠᠯᠠᠳᠠᠭ᠂ ᠬᠥᠮᠦᠰ ᠴᠤᠯ ᠬᠥᠪᠥᠩ ᠪᠤᠶᠤ ᠨᠢᠮᠭᠡᠨ ᠨᠢᠮᠭᠡᠨ ᠮᠠᠲ᠋ᠧᠷᠢᠶᠠᠯ ᠤᠨ ᠠᠮᠠᠪᠴᠢ ᠶᠢ ᠰᠣᠩᠭᠤᠵᠤ ᠵᠡᠭᠦᠬᠦ ᠳᠤ ᠨᠡᠩ ᠲᠠᠭᠠᠯᠠᠮᠵᠢᠲᠠᠶ ᠪᠠᠶᠢᠳᠠᠭ᠃      ᠬᠠᠷᠰᠢᠮᠠᠲᠠᠭᠠᠶ ᠴᠢᠨᠠᠷᠲᠠᠶ ᠬᠠᠮᠠᠷ ᠤᠨ ᠦᠷᠪᠢᠰᠦᠯ ᠲᠠᠢ ᠪᠤᠶᠤ ᠴᠡᠴᠡᠭ ᠤᠨ ᠲᠣᠭᠤᠰᠣ᠂ ᠤᠳᠠ ᠤᠯᠢᠶᠠᠰᠤᠨ ᠤ ᠤᠩᠭᠠᠷᠢᠯ ᠳᠤ ᠰᠡᠷᠭᠡᠭ ᠬᠥᠮᠦᠨ ᠢ ᠡᠳᠦᠷ ᠪᠦᠷᠢ ᠬᠠᠮᠠᠷ ᠤᠨ ᠬᠥᠨᠳᠡᠶ ᠪᠠᠨ 2-3 ᠤᠳᠠᠭ᠎ᠠ ᠤᠬᠢᠶᠠᠪᠠᠯ ᠬᠠᠮᠤᠭ ᠰᠠᠶᠢᠨ᠃ ᠠᠷᠠᠰᠤᠨ ᠳᠤ ᠤᠳᠠ ᠤᠯᠢᠶᠠᠰᠤᠨ ᠤ ᠤᠩᠭᠠᠷᠢᠯ ᠨᠠᠭᠠᠯᠳᠤᠭᠰᠠᠨ ᠤ ᠳᠠᠷᠠᠭ᠎ᠠ ᠴᠠᠭ ᠲᠤᠬᠠᠶ ᠳᠤᠨᠢ ᠴᠡᠪᠡᠷᠯᠡᠨ ᠠᠷᠢᠯᠭᠠᠵᠤ᠂ ᠪᠦᠯᠢᠶᠡᠨ ᠤᠰᠤ ᠪᠠᠷ ᠤᠬᠢᠶᠠᠨ ᠴᠡᠪᠡᠷᠯᠡᠪᠡᠯ ᠬᠠᠷᠰᠢᠬᠤ ᠶᠢ ᠰᠡᠷᠭᠡᠶᠢᠯᠡᠬᠦ ᠪᠤᠶᠤ ᠬᠠᠷᠰᠢᠬᠤ ᠶᠢ ᠬᠥᠩᠭᠡᠷᠡᠭᠦᠯᠬᠦ ᠳᠤ ᠲᠤᠰᠠᠲᠠᠶ ᠪᠠᠶᠢᠳᠠᠭ᠃ ᠬᠡᠷᠪᠡ ᠠᠷᠠᠰᠤ ᠵᠠᠭᠠᠲᠤᠨᠠᠬᠤ᠂ ᠤᠯᠠᠭᠠᠨ ᠲᠣᠯᠪᠤ ᠭᠠᠷᠬᠤ᠂ ᠪᠢᠵᠢᠷᠡᠦ ᠭᠠᠷᠬᠤ ᠵᠡᠷᠭᠡ ᠡᠪᠡᠳᠴᠢᠨ ᠤ ᠢᠯᠡᠷᠡᠯ ᠬᠦᠨᠳᠦ ᠪᠠᠶᠢᠪᠠᠯ ᠴᠠᠭ ᠲᠤᠬᠠᠶ ᠳᠤᠨᠢ ᠡᠮᠨᠡᠭᠦᠯᠬᠦ ᠬᠡᠷᠡᠭᠲᠡᠶ᠃      ᠤᠩᠭᠠᠷᠢᠯ ᠤᠨ ᠤᠯᠠᠷᠢᠯ ᠳᠤ ᠠᠮᠠᠷᠬᠠᠨ ᠰᠡᠷᠭᠡᠭ ᠬᠥᠮᠦᠰ ᠲᠤ ᠵᠣᠬᠢᠬᠤ ᠬᠡᠮᠵᠢᠶᠡᠨ ᠤ ᠸᠢᠲ᠋ᠠᠮᠢᠨ C ᠪᠣᠯᠤᠨ ᠸᠢᠲ᠋ᠠᠮᠢᠨ E ᠨᠥᠬᠦᠪᠥᠷᠢᠯᠡᠵᠦ᠂ ᠵᠢᠵᠢᠭ ᠴᠠᠭᠠᠨ ᠨᠣᠭᠤᠭ᠎ᠠ᠂ ᠲᠥᠪᠡᠳ ᠬᠠᠰᠢ᠂ ᠬᠤᠯᠤᠤᠪᠠᠩ᠂ ᠵᠦᠷᠵᠢ ᠵᠡᠷᠭᠡ ᠶᠢ ᠢᠳᠡᠵᠦ ᠪᠣᠯᠤᠨ᠎ᠠ᠃      ᠡᠶᠢᠮᠦ ᠠᠴᠠ ᠥᠪᠡᠷ ᠤᠨ ᠤᠷᠮ᠎ᠠ ᠰᠡᠳᠬᠢᠯᠭᠡ ᠪᠠᠨ ᠰᠠᠶᠢᠲᠤᠷ ᠵᠣᠬᠢᠴᠠᠭᠤᠯᠵᠤ᠂ ᠰᠡᠳᠬᠢᠯ ᠰᠠᠨᠠᠭ᠎ᠠ ᠪᠠᠨ  ᠪᠠᠶᠢᠯᠭᠠᠬᠤ ᠨᠢ ᠮᠠᠰᠢ ᠴᠢᠬᠤᠯᠠ ᠶᠤᠮ᠂ ᠡᠶᠢᠮᠦ ᠠᠴᠠ ᠥᠪᠡᠷ ᠤᠨ ᠤᠷᠮ᠎ᠠ ᠰᠡᠳᠬᠢᠯᠭᠡ ᠪᠠᠨ ᠵᠣᠬᠢᠴᠠᠭᠤᠯᠵᠤ᠂ ᠰᠡᠳᠬᠢᠯ ᠰᠠᠨᠠᠭ᠎ᠠ ᠪᠠᠨ ᠪᠠᠶᠢᠯᠭᠠᠬᠤ ᠨᠢ ᠮᠠᠰᠢ ᠴᠢᠬᠤᠯᠠ ᠶᠤᠮ᠂ ᠬᠠᠪᠤᠷ ᠤᠨ ᠤᠯᠢᠶᠠᠰᠤᠨ ᠤᠩᠭᠠᠷᠢᠯ ᠳᠤ ︽ᠲᠦᠢᠪᠡᠭᠡᠭᠳᠡᠵᠦ︾᠂ ᠰᠡᠳᠬᠢᠯ ᠰᠠᠨᠠᠭ᠎ᠠ ᠪᠠᠨ ᠨᠠᠩ ᠪᠣᠯᠭᠠᠬᠤ ᠨᠢ ᠨᠠᠩ ᠴᠢᠬᠤᠯᠠ ᠶᠤᠮ᠂ ᠡᠶᠢᠮᠦ ᠠᠴᠠ ᠥᠪᠡᠷ ᠤᠨ ᠤᠷᠮ᠎ᠠ ᠰᠡᠳᠬᠢᠯᠭᠡ ᠪᠠᠨ ᠵᠣᠬᠢᠴᠠᠭᠤᠯᠵᠤ᠂ ᠰᠡᠳᠬᠢᠯ ᠰᠠᠨᠠᠭ᠎ᠠ ᠪᠠᠨ ᠪᠠᠶᠢᠯᠭᠠᠬᠤ ᠶᠢᠨ ᠲᠥᠯᠥᠭᠡ ᠶᠤᠮ᠃      ᠣᠯᠠᠨ ᠢᠶᠠᠷ ᠢᠶᠠᠨ ᠪᠦᠷ ᠴᠡᠭᠡᠵᠢᠯᠡᠭᠰᠡᠨ ᠤᠤ︖ ᠡᠲᠡᠭᠡᠷ ᠡᠳᠦᠷ ᠤᠳ ᠲᠤ ᠭᠠᠳᠠᠭᠰᠢ ᠭᠠᠷᠬᠤ ᠳᠤ᠂ ᠢᠯᠠᠩᠭᠤᠶ᠎ᠠ ᠦᠳᠡ ᠶᠢᠨ ᠡᠮᠦᠨᠡᠬᠢ 10᠄ 00 — 16᠄ 00 ᠴᠠᠭ ᠤᠨ ᠨᠠᠶᠢᠵᠠ ᠨᠠᠷ ᠵᠠᠪᠠᠯ ᠰᠠᠶᠢᠲᠤᠷ ᠰᠡᠷᠭᠡᠶᠢᠯᠡᠨ ᠬᠠᠮᠠᠭᠠᠯᠠᠵᠤ᠂ ︽ᠵᠡᠪᠰᠡᠭᠯᠡᠬᠦ︾ ᠠᠵᠢᠯ ᠢᠶᠠᠨ ᠰᠠᠶᠢᠨ ᠬᠢᠭᠰᠡᠨ ᠤ ᠳᠠᠷᠠᠭ᠎ᠠ ᠰᠠᠶ᠋ᠢ ᠭᠠᠳᠠᠭᠰᠢ ᠭᠠᠷᠤᠨ᠎ᠠ︕                               ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ                                                           ᠤᠷᠴᠢᠭᠤᠯᠤᠭᠴᠢ᠄ ᠨᠠᠷᠠᠰᠤ                               ᠬᠢᠨᠠᠨ ᠬᠠᠷᠭᠤᠭᠤᠯᠤᠭᠴᠢ᠄ ᠮᠥᠩᠭᠦᠨᠰᠤᠶᠢᠬᠡ    
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3