ᠰᠢᠩ ᠾᠧ ᠰᠢᠶᠠᠨ ᠤ ᠭᠤᠷᠪᠠᠳᠤᠭᠠᠷ ᠤᠳᠠᠭᠠᠨ ᠤ ᠤᠯᠤᠰ ᠤᠨ ᠭᠠᠵᠠᠷ ᠰᠢᠷᠣᠶ ᠶᠢᠨ ᠪᠠᠶᠢᠴᠠᠭᠠᠯᠲᠠ ᠶᠢᠨ ᠭᠤᠤᠯ ᠲᠤᠭ᠎ᠠ ᠪᠠᠷᠢᠮᠲᠠ ᠶᠢᠨ ᠠᠯᠪᠠᠨ ᠮᠡᠳᠡᠭᠡ
ᠨᠡᠶᠢᠲᠡᠯᠡᠭᠰᠡᠨ ᠴᠠᠭ᠄
2022/2/18
      ︵2022 ᠣᠨ ᠤ 2 ᠰᠠᠷ᠎ᠠ ᠶᠢᠨ 17 ᠤ ᠡᠳᠦᠷ︶      ᠰᠢᠩ ᠾᠧ ᠰᠢᠶᠠᠨ ᠤ ᠭᠤᠷᠪᠠᠳᠤᠭᠠᠷ ᠤᠳᠠᠭᠠᠨ ᠤ ᠤᠯᠤᠰ ᠤᠨ ᠭᠠᠵᠠᠷ ᠰᠢᠷᠣᠶ ᠶᠢᠨ ᠪᠠᠶᠢᠴᠠᠭᠠᠯᠲᠠ ᠶᠢᠨ ᠤᠳᠤᠷᠢᠳᠬᠤ ᠳᠤᠭᠤᠢᠯᠠᠩ ᠤᠨ ᠠᠯᠪᠠᠨ ᠭᠡᠷ᠃      ᠲᠥᠷᠥ ᠶᠢᠨ ᠶᠠᠪᠤᠳᠠᠯ ᠤᠨ ᠬᠤᠷᠢᠶ᠎ᠠ᠂ ᠥᠪᠡᠷᠲᠡᠭᠡᠨ ᠵᠠᠰᠠᠬᠤ ᠣᠷᠣᠨ᠂ ᠤᠯᠠᠭᠠᠨᠴᠠᠪ ᠬᠤᠲᠠ ᠶᠢᠨ ᠨᠢᠭᠡᠳᠦᠯᠲᠡᠶ ᠪᠠᠶᠢᠷᠢᠯᠠᠭᠤᠯᠤᠯᠲᠠ ᠶᠣᠰᠣᠭᠠᠷ᠂ ᠮᠠᠨ ᠤ ᠰᠢᠶᠠᠨ 2018 ᠣᠨ ᠤ 4 ᠰᠠᠷ᠎ᠠ ᠳᠤ ᠭᠤᠷᠪᠠᠳᠤᠭᠠᠷ ᠤᠳᠠᠭᠠᠨ ᠤ ᠤᠯᠤᠰ ᠤᠨ ᠭᠠᠵᠠᠷ ᠰᠢᠷᠣᠶ ᠶᠢᠨ ᠪᠠᠶᠢᠴᠠᠭᠠᠯᠲᠠ ︵ᠳᠣᠷᠣᠭᠰᠢ ︽ᠭᠤᠷᠪᠠᠨ ᠲᠣᠬᠢᠷᠠᠭᠤᠯᠤᠯᠲᠠ︾ ᠭᠡᠵᠦ ᠲᠣᠪᠴᠢᠯᠠᠨ᠎ᠠ︶ ᠶᠢᠨ ᠠᠵᠢᠯ ᠢ ᠵᠢᠩᠬᠢᠨᠢ ᠪᠠᠷ ᠡᠬᠢᠯᠡᠭᠦᠯᠵᠦ᠂ ᠭᠤᠷᠪᠠᠨ ᠵᠢᠯ ᠰᠢᠬᠠᠮ ᠤᠨ ᠬᠤᠭᠤᠴᠠᠭᠠᠨ ᠳᠤ ᠪᠥᠬᠦ ᠰᠢᠶᠠᠨ ᠤ ᠤᠯᠤᠰ ᠤᠨ ᠭᠠᠵᠠᠷ ᠰᠢᠷᠣᠶ ᠶᠢᠨ ᠠᠰᠢᠭᠯᠠᠯᠲᠠ ᠶᠢᠨ ᠪᠠᠶᠢᠳᠠᠯ ᠢ ᠪᠠᠶᠢᠴᠠᠭᠠᠨ ᠳᠣᠲᠣᠯᠠᠵᠤ᠂ ᠭᠤᠷᠪᠠᠨ ᠲᠣᠬᠢᠷᠠᠭᠤᠯᠤᠯᠲᠠ ᠶᠢᠨ ᠠᠵᠢᠯ ᠢ ᠪᠥᠬᠦ ᠲᠠᠯ᠎ᠠ ᠪᠠᠷ ᠪᠡᠶᠡᠯᠡᠭᠦᠯᠵᠦ᠂ 2019 ᠣᠨ ᠤ 12 ᠰᠠᠷ᠎ᠠ ᠶᠢᠨ 31 ᠤ ᠡᠳᠦᠷ ᠤᠨ ᠪᠠᠷᠢᠮᠵᠢᠶ᠎ᠠ ᠴᠠᠭ ᠤᠨ ᠲᠤᠭ᠎ᠠ ᠪᠠᠷᠢᠮᠲᠠ ᠶᠢ ᠬᠤᠷᠢᠶᠠᠩᠭᠤᠶᠢᠯᠠᠨ ᠪᠦᠷᠢᠯᠳᠦᠭᠦᠯᠪᠡ᠃      ᠤᠳᠤ ᠭᠤᠣᠯ ᠪᠣᠯᠬᠤ ᠭᠠᠵᠠᠷ ᠰᠢᠷᠣᠢ ᠶᠢᠨ ᠲᠦᠷᠦᠯ ᠤᠨ ᠲᠤᠭ᠎ᠠ ᠪᠠᠷᠢᠮᠲᠠ ᠶᠢ ᠳᠣᠣᠷᠠᠬᠢ ᠮᠡᠲᠦ ᠪᠠᠷ ᠨᠡᠶᠢᠲᠡᠯᠡᠶ᠎ᠡ᠄      ᠨᠢᠭᠡ᠂ ᠲᠠᠷᠢᠶᠠᠨ ᠭᠠᠵᠠᠷ ᠤᠨ ᠲᠠᠯᠠᠪᠠᠢ 128974 . 93 ᠾᠧᠺᠲ᠋ᠠᠷ ︵1934623 . 95 ᠮᠦ︶᠃ ᠡᠭᠦᠨ ᠳᠤ᠂ ᠤᠰᠤᠯᠠᠬᠤ ᠲᠠᠷᠢᠶ᠎ᠠ 33757 . 99 ᠾᠧᠺᠲ᠋ᠠᠷ ︵506369 . 85 ᠮᠦ︶ ᠪᠠᠶᠢᠵᠤ᠂ ᠲᠠᠷᠢᠶᠠᠨ ᠭᠠᠵᠠᠷ ᠤᠨ ᠶᠡᠷᠦᠩᠬᠡᠶ ᠲᠠᠯᠠᠪᠠᠶ ᠶᠢᠨ 26 . 17 % ᠶᠢ ᠡᠵᠡᠯᠡᠨ᠎ᠡ︔ ᠬᠠᠭᠤᠷᠠᠶ ᠲᠠᠷᠢᠶ᠎ᠠ 95216 . 94 ᠾᠧᠺᠲ᠋ᠠᠷ ︵1428254 . 10 ᠮᠥ︶ ᠪᠠᠶᠢᠵᠤ᠂ 73 . 83 % ᠶᠢ ᠡᠵᠡᠯᠡᠪᠡ᠃ ᠪᠦᠬᠦ ᠰᠢᠶᠠᠨ ᠤ ᠬᠠᠭᠤᠷᠠᠶ ᠭᠠᠵᠠᠷ ᠤᠨ ᠲᠠᠯᠠᠪᠠᠢ ᠨᠡᠯᠢᠶᠡᠳ ᠶᠡᠭᠡ᠃ 2 ᠭᠷᠠᠳᠦ᠋ᠰ ᠠᠴᠠ ᠳᠣᠷᠣᠭᠰᠢᠬᠢ ᠨᠠᠯᠠᠤᠴᠠ ︵2 ᠭᠷᠠᠳᠦ᠋ᠰ ᠢ ᠪᠠᠭᠲᠠᠭᠠᠨ᠎ᠠ︶ ᠳᠤ ᠪᠠᠶᠢᠭ᠎ᠠ ᠲᠠᠷᠢᠶᠠᠨ ᠭᠠᠵᠠᠷ 69227 . 92 ᠾᠧᠺᠲ᠋ᠠᠷ ︵1038418 . 80 ᠮᠥ︶ ᠪᠠᠶᠢᠵᠤ᠂ ᠪᠥᠬᠦ ᠰᠢᠶᠠᠨ ᠤ ᠲᠠᠷᠢᠶᠠᠨ ᠭᠠᠵᠠᠷ ᠤᠨ 53 . 68 % ᠶᠢ ᠡᠵᠡᠯᠡᠨ᠎ᠡ︔ 2 - 6 ᠭᠷᠠᠳᠦ᠋ᠰ ᠤᠨ ᠨᠠᠯᠠᠤᠴᠠ ︵6 ᠭᠷᠠᠳᠦ᠋ᠰ ᠪᠠᠭᠲᠠᠨ᠎ᠠ︶ ᠳᠤ ᠪᠠᠶᠢᠷᠢᠯᠠᠵᠤ ᠪᠠᠶᠢᠭ᠎ᠠ ᠲᠠᠷᠢᠶᠠᠨ ᠭᠠᠵᠠᠷ 44149 . 38 ᠾᠧᠺᠲ᠋ᠠᠷ ︵662240 . 7 ᠮᠦ︶ ᠪᠠᠶᠢᠵᠤ᠂ 34 . 23 % ᠶᠢ ᠡᠵᠡᠯᠡᠨ᠎ᠡ︔ 6 - 15 ᠭᠷᠠᠳᠦ᠋ᠰ ᠤᠨ ᠨᠠᠯᠠᠤ ︵15 ᠭᠷᠠᠳᠦ᠋ᠰ ᠢ ᠪᠠᠭᠲᠠᠭᠠᠨ᠎ᠠ︶ ᠳᠤ ᠪᠠᠶᠢᠷᠢᠯᠠᠵᠤ ᠪᠠᠶᠢᠭ᠎ᠠ ᠲᠠᠷᠢᠶᠠᠨ ᠭᠠᠵᠠᠷ 14493 . 97 ᠾᠧᠺᠲ᠋ᠠᠷ ︵217409 . 55 ᠮᠦ︶ ᠪᠠᠶᠢᠵᠤ᠂ 11 . 24 % ᠶᠢ ᠡᠵᠡᠯᠡᠨ᠎ᠡ︔ 1525 ᠭᠷᠠᠳᠦ᠋ᠰ ᠤᠨ ᠨᠠᠯᠠᠤ ᠭᠠᠵᠠᠷ ︵25 ᠭᠷᠠᠳᠦ᠋ᠰ ᠪᠠᠭᠲᠠᠨ᠎ᠠ︶ ᠲᠤ ᠪᠠᠶᠢᠷᠢᠯᠠᠭᠰᠠᠨ ᠲᠠᠷᠢᠶᠠᠨ ᠭᠠᠵᠠᠷ 1016 . 67 ᠾᠧᠺᠲ᠋ᠠᠷ ︵15250 . 05 ᠮᠦ︶ ᠪᠠᠶᠢᠵᠤ᠂ 0 . 78 % ᠶᠢ ᠡᠵᠡᠯᠡᠨ᠎ᠡ︔ 25 ᠭᠷᠠᠳᠦ᠋ᠰ ᠠᠴᠠ ᠳᠡᠭᠡᠭᠰᠢᠬᠢ ᠨᠠᠯᠠᠤ ᠭᠠᠵᠠᠷ ᠲᠤ ᠪᠠᠶᠢᠭ᠎ᠠ ᠲᠠᠷᠢᠶᠠᠨ ᠭᠠᠵᠠᠷ 8699 ᠾᠧᠺᠲ᠋ᠠᠷ ︵130485 ᠮᠦ︶ ᠪᠠᠶᠢᠵᠤ᠂ 07 % ᠶᠢ ᠡᠵᠡᠯᠡᠨ᠎ᠡ᠃ ᠭᠠᠵᠠᠷ ᠲᠠᠷᠢᠶᠠᠨ ᠤ ᠶᠡᠷᠦᠩᠬᠡᠶ ᠲᠠᠯᠠᠪᠠᠶ ᠶᠢᠨ 0 . 37 % ᠶᠢ ᠡᠵᠡᠯᠡᠨ᠎ᠡ︔ ᠰᠢᠭᠤᠶᠢᠲᠤ ᠣᠷᠣᠨ ᠤ ᠲᠠᠷᠢᠶᠠᠨ ᠭᠠᠵᠠᠷ 2893 ᠾᠧᠺᠲ᠋ᠠᠷ ︵43395 ᠮᠦ︶ ᠪᠠᠶᠢᠵᠤ᠂ 0 02 % ᠢ ᠡᠵᠡᠯᠡᠪᠡ᠃      ᠬᠤᠶᠠᠷ᠂ ᠲᠠᠷᠢᠮᠠᠯ ᠤᠨ ᠬᠦᠷᠢᠶᠡᠯᠡᠩ ᠤᠨ ᠲᠠᠯᠠᠪᠠᠶ 73 . 04 ᠾᠧᠺᠲ᠋ᠠᠷ ︵1095 . 60 ᠮᠥ︶᠃      ᠭᠤᠷᠪᠠ᠂ ᠣᠶᠢᠲᠤ ᠭᠠᠵᠠᠷ ᠤᠨ ᠲᠠᠯᠠᠪᠠᠢ 6799 . 95 ᠾᠧᠺᠲ᠋ᠠᠷ ︵100799 . 25 ᠮᠦ︶᠃ ᠡᠭᠦᠨ ᠳᠤ ᠂ ᠲᠤᠷᠤᠭ ᠮᠣᠳᠣᠨ ᠤ ᠣᠶᠢᠲᠤ ᠭᠠᠵᠠᠷ 15945 . 82 ᠾᠧᠺᠲ᠋ᠠᠷ ︵239187 . 30 ᠮᠥ︶ ᠪᠠᠶᠢᠵᠤ᠂ 23 . 73 % ᠶᠢ ᠡᠵᠡᠯᠡᠪᠡ︔ ᠪᠣᠳᠠ ᠮᠣᠳᠣᠨ ᠤ ᠣᠶᠢᠲᠤ ᠭᠠᠵᠠᠷ 41644 . 81 ᠾᠧᠺᠲ᠋ᠠᠷ ︵624672 . 15 ᠮᠥ︶ ᠪᠠᠶᠢᠵᠤ᠂ 61 . 97 % ᠶᠢ ᠡᠵᠡᠯᠡᠪᠡ︔ ᠪᠤᠰᠤᠳ ᠣᠶᠢᠲᠤ ᠭᠠᠵᠠᠷ 9609 . 32 ᠾᠧᠺᠲ᠋ᠠᠷ ︵144139 . 8 ᠮᠥ︶ ᠪᠠᠶᠢᠵᠤ᠂ 14 . 30 % ᠶᠢ ᠡᠵᠡᠯᠡᠪᠡ᠃      ᠳᠥᠷᠪᠡ᠂ ᠡᠪᠡᠰᠦᠲᠦ ᠭᠠᠵᠠᠷ ᠤᠨ ᠲᠠᠯᠠᠪᠠᠶ 117794 . 64 ᠾᠧᠺᠲ᠋ᠠᠷ ︵176699 . 60 ᠮᠥ︶᠃ ᠡᠭᠦᠨ ᠳᠤ᠂ ᠪᠠᠶᠢᠭᠠᠯᠢ ᠶᠢᠨ ᠪᠡᠯᠴᠢᠭᠡᠷ 104840 . 16 ︵1572602 . 40 ᠮᠥ︶ ᠪᠠᠶᠢᠵᠤ᠂ ᠪᠡᠯᠴᠢᠭᠡᠷ ᠤᠨ ᠲᠠᠯᠠᠪᠠᠶ ᠶᠢᠨ 89 % ᠶᠢ ᠡᠵᠡᠯᠡᠨ᠎ᠡ︔ ᠲᠠᠷᠢᠮᠠᠯ ᠪᠡᠯᠴᠢᠭᠡᠷ 18 . 76 ᠾᠧᠺᠲ᠋ᠠᠷ ︵281 . 4 ᠮᠥ︶ ᠪᠠᠶᠢᠵᠤ᠂ 0 . 02 % ᠢ ᠡᠵᠡᠯᠡᠪᠡ︔ ᠪᠤᠰᠤᠳ ᠪᠡᠯᠴᠢᠭᠡᠷ 12935 . 72 ᠾᠧᠺᠲ᠋ᠠᠷ ︵194035 . 80 ᠮᠦ︶ ᠪᠠᠶᠢᠵᠤ᠂ 10 . 98 % ᠶᠢ ᠡᠵᠡᠯᠡᠨ᠎ᠡ᠃      ᠲᠠᠪᠤ᠂ ᠨᠤᠭᠤ ᠭᠠᠵᠠᠷ ᠤᠨ ᠲᠠᠯᠠᠪᠠᠶ 2369 . 73 ᠾᠧᠺᠲ᠋ᠠᠷ ︵35545 . 95 ᠮᠥ︶᠃ ᠨᠤᠭᠤ ᠭᠠᠵᠠᠷ ᠪᠣᠯ ︽ᠭᠤᠷᠪᠠ ᠳᠤ ᠲᠣᠬᠢᠷᠠᠭᠤᠯᠤᠯᠲᠠ ᠬᠢᠬᠦ︾ ᠳᠤ ᠰᠢᠨ᠎ᠡ ᠪᠠᠷ ᠨᠡᠮᠡᠭᠳᠡᠭᠰᠡᠨ ᠨᠢᠭᠡᠳᠦᠭᠡᠷ ᠳᠡᠰ ᠤᠨ ᠭᠠᠵᠠᠷ ᠣᠷᠣᠨ ᠤ ᠲᠥᠷᠥᠯ ᠪᠣᠯᠤᠨ᠎ᠠ᠂ ᠡᠭᠦᠨ ᠳᠤ 5 ᠬᠤᠶᠠᠳᠤᠭᠠᠷ ᠳᠡᠰ ᠤᠨ ᠭᠠᠵᠠᠷ ᠣᠷᠣᠨ ᠤ ᠲᠥᠷᠥᠯ ᠪᠠᠭᠲᠠᠨ᠎ᠠ᠃ ᠮᠠᠨ ᠤ ᠰᠢᠶᠠᠨ ᠳᠤ ᠤᠯᠠᠭᠠᠨ ᠮᠣᠳᠣᠨ ᠣᠶᠢᠲᠤ ᠭᠠᠵᠠᠷ᠂ ᠣᠢ ᠰᠢᠭᠤᠶ ᠶᠢᠨ ᠨᠠᠮᠤᠭ ᠭᠠᠵᠠᠷ᠂ ᠰᠥᠭᠡᠭ ᠤᠨ ᠨᠠᠮᠤᠭ ᠭᠠᠵᠠᠷ᠂ ᠳᠠᠪᠤᠰᠤᠨ ᠲᠠᠷᠢᠶ᠎ᠠ᠂ ᠳᠠᠯᠠᠢ ᠳᠠᠭᠠᠤ ᠳᠠᠩ ᠭᠠᠵᠠᠷ ᠪᠠ ᠨᠠᠮᠤᠭ ᠭᠠᠵᠠᠷ ᠪᠠᠢᠬᠤ ᠦᠭᠡᠢ︔ ᠡᠭᠦᠨ ᠳᠤ᠂ ᠨᠠᠮᠤᠭᠲᠤ ᠪᠡᠯᠴᠢᠭᠡᠷ 8 . 18 ᠾᠧᠺᠲ᠋ᠠᠷ ︵122 . 70 ᠮᠥ᠂ ᠨᠤᠭᠤ ᠭᠠᠵᠠᠷ ᠤᠨ ᠲᠠᠯᠠᠪᠠᠶ ᠶᠢᠨ 0 . 35 % ᠶᠢ ᠡᠵᠡᠯᠡᠨ᠎ᠡ︔ ᠳᠣᠲᠣᠭᠠᠳᠤ ᠬᠠᠭᠤᠷᠠᠶ ᠶᠢᠨ ᠲᠠᠩ ᠭᠠᠵᠠᠷ 2361 . 55 ᠾᠧᠺᠲ᠋ᠠᠷ ︵35423 . 25 ᠮᠥ︶ ᠪᠠᠶᠢᠵᠤ᠂ 99 . 65 % ᠶᠢ ᠡᠵᠡᠯᠡᠨ᠎ᠡ᠃      ᠵᠢᠷᠭᠤᠭ᠎ᠠ᠂ ᠬᠤᠲᠠ ᠪᠠᠯᠭᠠᠰᠤ ᠲᠣᠰᠬᠤᠨ ᠵᠢᠴᠢ ᠦᠢᠯᠡᠳᠪᠦᠷᠢ ᠠᠭᠤᠷᠬᠠᠢ ᠳᠤ ᠬᠡᠷᠡᠭᠯᠡᠬᠦ ᠭᠠᠵᠠᠷ ᠤᠨ ᠲᠠᠯᠠᠪᠠᠢ 17313 . 53 ᠾᠧᠺᠲ᠋ᠠᠷ ︵259702 . 95 ᠮᠦ︶᠃ ᠡᠭᠦᠨ ᠳᠤ᠂ ᠪᠠᠶᠢᠭᠤᠯᠤᠮᠵᠢᠲᠤ ᠪᠠᠯᠭᠠᠰᠤ ᠶᠢᠨ ᠬᠡᠷᠡᠭᠯᠡᠬᠦ ᠭᠠᠵᠠᠷ 2205 . 91 ᠾᠧᠺᠲ᠋ᠠᠷ ︵33088 . 65 ᠮᠥ︶ ᠪᠠᠶᠢᠵᠤ᠂ 12 . 74 % ᠶᠢ ᠡᠵᠡᠯᠡᠨ᠎ᠡ︔ ᠠᠶᠢᠯ ᠲᠣᠰᠬᠤᠨ ᠤ ᠬᠡᠷᠡᠭᠯᠡᠬᠦ ᠭᠠᠵᠠᠷ 9152 . 12 ᠾᠧᠺᠲ᠋ᠠᠷ ︵137281 . 80 ᠮᠥ︶ ᠪᠠᠶᠢᠵᠤ᠂ 52 . 86 % ᠶᠢ ᠡᠵᠡᠯᠡᠪᠡ︔ ᠠᠭᠤᠷᠬᠠᠶ ᠮᠠᠯᠲᠠᠬᠤ ᠳᠤ ᠬᠡᠷᠡᠭᠯᠡᠬᠦ ᠭᠠᠵᠠᠷ 5880 . 43 ᠾᠧᠺᠲ᠋ᠠᠷ ︵88206 . 45 ᠮᠥ︶ ᠪᠠᠶᠢᠵᠤ᠂ 33 . 96 % ᠶᠢ ᠡᠵᠡᠯᠡᠪᠡ︔ ᠠᠯᠳᠠᠷᠲᠤ ᠦᠵᠡᠮᠵᠢ ᠵᠢᠴᠢ ᠣᠨᠴᠠᠭᠠᠶ ᠬᠡᠷᠡᠭᠯᠡᠬᠦ ᠭᠠᠵᠠᠷ 75 . 07 ᠾᠧᠺᠲ᠋ᠠᠷ ︵1126 . 05 ᠮᠥ︶ ᠪᠠᠶᠢᠵᠤ᠂ 0 . 44 % ᠶᠢ ᠡᠵᠡᠯᠡᠨ᠎ᠡ᠃      ᠳᠣᠯᠤᠭ᠎ᠠ᠂ ᠵᠠᠮ ᠬᠠᠷᠢᠯᠴᠠᠭ᠎ᠠ ᠲᠡᠭᠡᠭᠡᠪᠦᠷᠢ ᠶᠢᠨ ᠬᠡᠷᠡᠭᠯᠡᠬᠦ ᠭᠠᠵᠠᠷ ᠤᠨ ᠲᠠᠯᠠᠪᠠᠶ 6423 . 20 ᠾᠧᠺᠲ᠋ᠠᠷ ︵96348 . 00 ᠮᠥ︶᠃ ᠡᠭᠦᠨ ᠳᠤ᠂ ᠲᠡᠮᠦᠷ ᠵᠠᠮ ᠳᠤ ᠬᠡᠷᠡᠭᠯᠡᠬᠦ ᠭᠠᠵᠠᠷ 607 . 81 ᠾᠧᠺᠲ᠋ᠠᠷ ︵9117 . 15 ᠮᠦ︶ ᠪᠠᠶᠢᠵᠤ᠂ ᠵᠠᠮ ᠬᠠᠷᠢᠯᠴᠠᠭ᠎ᠠ ᠲᠡᠭᠡᠭᠡᠪᠦᠷᠢ ᠳᠤ ᠬᠡᠷᠡᠭᠯᠡᠬᠦ ᠭᠠᠵᠠᠷ ᠤᠨ ᠲᠠᠯᠠᠪᠠᠶ ᠶᠢᠨ 9 . 46 % ᠶᠢ ᠡᠵᠡᠯᠡᠨ᠎ᠡ︔ ᠵᠠᠰᠠᠮᠠᠯ ᠵᠠᠮ ᠤᠨ ᠬᠡᠷᠡᠭᠯᠡᠬᠦ ᠭᠠᠵᠠᠷ 2723 . 57 ᠾᠧᠺᠲ᠋ᠠᠷ ︵40853 . 55 ᠮᠥ︶ ᠪᠠᠶᠢᠵᠤ᠂ 42 . 4 % ᠶᠢ ᠡᠵᠡᠯᠡᠪᠡ︔ ᠬᠥᠳᠡᠭᠡ ᠲᠣᠰᠬᠤᠨ ᠤ ᠵᠠᠮ 3091 . 82 ᠾᠧᠺᠲ᠋ᠠᠷ ︵46377 . 30 ᠮᠥ︶ ᠪᠠᠶᠢᠵᠤ᠂ 48 . 14 % ᠶᠢ ᠡᠵᠡᠯᠡᠪᠡ᠃      ᠨᠠᠢᠮᠠ᠂ ᠤᠰᠤᠨ ᠣᠷᠣᠨ ᠵᠢᠴᠢ ᠤᠰᠤᠨ ᠠᠰᠢᠭᠯᠠᠯᠲᠠ ᠶᠢᠨ ᠪᠡᠯᠡᠳᠬᠡᠮᠵᠢ ᠶᠢᠨ ᠬᠡᠷᠡᠭᠯᠡᠬᠦ ᠭᠠᠵᠠᠷ ᠤᠨ ᠲᠠᠯᠠᠪᠠᠶ 1698 . 79 ᠾᠧᠺᠲ᠋ᠠᠷ ︵25481 . 85 ᠮᠦ︶᠃ ᠡᠭᠦᠨ ᠳᠤ᠂ ᠭᠤᠤᠯ ᠮᠥᠷᠡᠨ ᠤ ᠤᠰᠤᠨ ᠤ ᠭᠠᠳᠠᠷᠭᠤ 552 . 91 ᠾᠧᠺᠲ᠋ᠠᠷ ︵8293 . 65 ᠮᠥ︶ ᠪᠠᠶᠢᠵᠤ᠂ ᠤᠰᠤᠨ ᠣᠷᠣᠨ ᠵᠢᠴᠢ ᠤᠰᠤᠨ ᠠᠰᠢᠭᠯᠠᠯᠲᠠ ᠶᠢᠨ ᠪᠡᠯᠡᠳᠬᠡᠮᠵᠢ ᠶᠢᠨ ᠬᠡᠷᠡᠭᠯᠡᠬᠦ ᠭᠠᠵᠠᠷ ᠤᠨ ᠲᠠᠯᠠᠪᠠᠶ ᠶᠢᠨ 32 . 55 % ᠶᠢ ᠡᠵᠡᠯᠡᠨ᠎ᠡ︔ ᠨᠠᠭᠤᠷ ᠤᠨ ᠤᠰᠤᠨ ᠤ ᠭᠠᠳᠠᠷᠭᠤ ᠨᠢ 124 . 82 ᠾᠧᠺᠲ᠋ᠠᠷ ︵1872 . 30 ᠮᠥ︶ ᠪᠠᠶᠢᠵᠤ᠂ 7 . 35 % ᠶᠢ ᠡᠵᠡᠯᠡᠨ᠎ᠡ︔ ᠤᠰᠤᠨ ᠴᠥᠭᠦᠷᠥᠮ ᠤᠨ ᠤᠰᠤᠨ ᠤ ᠭᠠᠳᠠᠷᠭᠤ 546 . 23 ᠾᠧᠺᠲ᠋ᠠᠷ ︵8193 . 45 ᠮᠥ︶ ᠪᠠᠶᠢᠵᠤ᠂ 32 . 15 % ᠶᠢ ᠡᠵᠡᠯᠡᠨ᠎ᠡ︔ ᠨᠦᠬᠡᠨ ᠲᠠᠩ ᠤᠨ ᠤᠰᠤᠨ ᠭᠠᠳᠠᠷᠭᠤ 223 . 19 ︵3347 . 85 ᠮᠥ︶ ᠪᠠᠶᠢᠵᠤ᠂ 13 . 14 % ᠶᠢ ᠡᠵᠡᠯᠡᠪᠡ︔ ᠭᠤᠤ ᠰᠤᠪᠠᠭ 212 . 35 ᠾᠧᠺᠲ᠋ᠠᠷ ︵3185 . 25 ᠮᠥ︶ ᠪᠠᠶᠢᠵᠤ᠂ 12 . 5 % ᠶᠢ ᠡᠵᠡᠯᠡᠨ᠎ᠡ︔ ᠤᠰᠤᠨ ᠠᠰᠢᠭᠯᠠᠯᠲᠠ ᠶᠢᠨ ᠪᠠᠷᠢᠯᠭ᠎ᠠ ᠳᠤ ᠬᠡᠷᠡᠭᠯᠡᠬᠦ ᠭᠠᠵᠠᠷ 39 . 29 ᠾᠧᠺᠲ᠋ᠠᠷ ︵589 . 35 ᠮᠥ︶ ᠪᠠᠶᠢᠵᠤ᠂ 2 . 31 % ᠶᠢ ᠡᠵᠡᠯᠡᠪᠡ᠃      ︽ᠭᠤᠷᠪᠠ ᠳᠤ ᠲᠣᠬᠢᠷᠠᠭᠤᠯᠤᠯᠲᠠ ᠬᠢᠬᠦ︾ ᠪᠣᠯ ᠤᠯᠤᠰ ᠤᠨ ᠪᠠᠶᠢᠳᠠᠯ ᠤᠯᠤᠰ ᠤᠨ ᠬᠦᠴᠦᠨ ᠤ ᠨᠢᠭᠡ ᠤᠳᠠᠭᠠᠨ ᠤ ᠴᠢᠬᠤᠯᠠ ᠶᠡᠭᠡ ᠪᠠᠶᠢᠴᠠᠭᠠᠯᠲᠠ ᠮᠥᠨ᠂ ᠦᠷ᠎ᠡ ᠪᠦᠲᠦᠭᠡᠯ ᠤᠨ ᠲᠤᠭ᠎ᠠ ᠪᠠᠷᠢᠮᠲᠠ ᠪᠣᠯ ᠮᠠᠨ ᠤ ᠰᠢᠶᠠᠨ ᠤ ᠠᠵᠤ ᠠᠬᠤᠶ ᠨᠡᠶᠢᠭᠡᠮ ᠤᠨ ᠬᠥᠭᠵᠢᠯᠲᠡ ᠶᠢᠨ ᠲᠥᠯᠥᠪᠵᠢᠭᠦᠯᠭᠡ᠂ ᠤᠯᠤᠰ ᠤᠨ ᠨᠤᠲᠤᠭ ᠳᠡᠪᠢᠰᠬᠡᠷ ᠤᠨ ᠣᠷᠣᠨ ᠵᠠᠶ ᠶᠢᠨ ᠲᠥᠯᠥᠪᠵᠢᠭᠦᠯᠭᠡ ᠶᠢ ᠨᠠᠶᠢᠷᠠᠭᠤᠯᠤᠨ ᠵᠣᠬᠢᠶᠠᠬᠤ ᠪᠠ ᠤᠯᠤᠰ ᠪᠠ ᠥᠪᠡᠷᠲᠡᠭᠡᠨ ᠵᠠᠰᠠᠬᠤ ᠣᠷᠣᠨ ᠤ ᠴᠢᠬᠤᠯᠠ ᠶᠡᠭᠡ ᠪᠠᠶᠢᠯᠳᠤᠬᠤ ᠪᠣᠳᠣᠯᠭ᠎ᠠ ᠶᠢᠨ ᠪᠠᠶᠢᠷᠢᠯᠠᠭᠤᠯᠤᠯᠲᠠ ᠶᠢ ᠲᠤᠤᠱᠯᠠᠭᠤᠯᠤᠨ ᠨᠠᠶᠢᠳᠠᠪᠤᠷᠢᠵᠢᠭᠤᠯᠬᠤ ᠶᠢᠨ ᠦᠨᠳᠦᠰᠦᠨ ᠦᠨᠳᠦᠰᠦᠯᠡᠯ ᠮᠥᠨ᠃ ︽ᠭᠤᠷᠪᠠ ᠳᠤ ᠲᠣᠬᠢᠷᠠᠭᠤᠯᠤᠯᠲᠠ ᠬᠢᠭᠰᠡᠨ︾ ᠦᠷ᠎ᠡ ᠪᠦᠲᠦᠭᠡᠯ ᠢ ᠬᠠᠮᠲᠤ ᠪᠠᠷ ᠡᠳ᠋ᠯᠡᠵᠦ ᠬᠡᠷᠡᠭᠯᠡᠬᠦ ᠶᠢ ᠴᠢᠩᠭᠠᠳᠬᠠᠵᠤ᠂ ᠨᠢᠭᠡ ᠰᠠᠭᠤᠷᠢ ᠬᠠᠪᠲᠠᠰᠤ᠂ ᠨᠢᠭᠡ ᠰᠠᠭᠤᠷᠢ ᠵᠢᠷᠤᠭ᠂ ᠨᠢᠭᠡ ᠢᠵᠢ ᠲᠤᠭ᠎ᠠ ᠪᠠᠷᠢᠮᠲᠠ ᠶᠢ ᠬᠡᠷᠡᠭᠯᠡᠨ᠂ ᠰᠠᠯᠠᠭ᠎ᠠ ᠮᠥᠴᠢᠷ ᠤᠨ ᠬᠤᠭᠤᠷᠣᠨᠳᠣᠬᠢ ᠲᠤᠭ᠎ᠠ ᠪᠠᠷᠢᠮᠲᠠ ᠶᠢᠨ ᠰᠣᠯᠪᠢᠴᠠᠬᠤ ᠠᠰᠠᠭᠤᠳᠠᠯ ᠢ ᠲᠦᠢᠯᠪᠤᠷᠢᠲᠠᠶ ᠰᠢᠢᠳᠪᠦᠷᠢᠯᠡᠵᠦ᠂ ︽ᠭᠤᠷᠪᠠ ᠳᠤ ᠲᠣᠬᠢᠷᠠᠭᠤᠯᠤᠯᠲᠠ ᠬᠢᠭᠰᠡᠨ︾ ᠦᠷ᠎ᠡ ᠪᠦᠲᠦᠭᠡᠯ ᠤᠨ ᠠᠮᠢ ᠠᠬᠤᠶ ᠶᠢᠨ ᠪᠣᠯᠪᠠᠰᠤᠨ ᠤ ᠪᠠᠶᠢᠭᠤᠯᠤᠯᠲᠠ᠂ ᠠᠵᠤ ᠠᠬᠤᠶ ᠨᠡᠶᠢᠭᠡᠮ ᠤᠨ ᠬᠥᠭᠵᠢᠯᠲᠡ ᠳᠤ ᠦᠢᠯᠡᠴᠢᠯᠡᠬᠦ ᠵᠡᠷᠭᠡ ᠲᠠᠯ᠎ᠠ ᠳᠠᠬᠢ ᠦᠢᠯᠡᠳᠦᠯ ᠢ ᠭᠦᠢᠴᠡᠳ ᠪᠠᠳᠠᠷᠠᠭᠤᠯᠤᠨ᠂ ᠤᠯᠤᠰ ᠢ ᠵᠠᠰᠠᠬᠤ ᠰᠢᠰᠲ᠋ᠧᠮ ᠪᠠ ᠵᠠᠰᠠᠬᠤ ᠴᠢᠳᠠᠪᠤᠷᠢ ᠶᠢᠨ ᠣᠳᠣᠬᠢᠴᠢᠯᠠᠯᠲᠠ ᠶᠢ ᠠᠬᠢᠭᠤᠯᠤᠨ᠎ᠠ᠃           ᠵᠤᠬᠢᠶᠠᠭᠴᠢ᠄ ᠰᠢᠩ ᠾᠧ ᠰᠢᠶᠠᠨ ᠤ ᠵᠠᠰᠠᠭ ᠤᠨ ᠤᠷᠳᠤᠨ           ᠤᠷᠴᠢᠭᠤᠯᠤᠭᠴᠢ᠄ ᠨᠠᠷᠠᠰᠤ           ᠬᠢᠨᠠᠨ ᠬᠠᠷᠭᠤᠭᠤᠯᠤᠭᠴᠢ᠄ ᠮᠥᠩᠭᠦᠨᠰᠤᠶᠢᠬᠡ
 
ᠢᠷᠡᠯᠲᠡ᠄ ᠰᠢᠩ ᠾᠧ ᠰᠢᠶᠠᠨ ᠤ ᠵᠠᠰᠠᠭ ᠤᠨ ᠣᠷᠳᠣᠨ ᠤ ᠬᠢᠲᠠᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3