ᠡᠷᠡᠬᠦᠯ ᠮᠡᠨᠳᠦ ᠶᠢᠨ ᠳᠠᠯ᠎ᠠ ᠪᠠᠷ | | ᠡᠳᠦᠷ ᠪᠦᠷᠢ ᠵᠣᠬᠢᠬᠤ ᠬᠡᠮᠵᠢᠶᠡᠨ ᠤ ᠮᠢᠬᠠᠨ ᠤ ᠵᠦᠢᠯ ᠢᠳᠡᠰᠢᠨ ᠨᠣᠭᠤᠭ᠎ᠠ᠂ ᠵᠢᠮᠢᠰ᠂ ᠪᠦᠳᠦᠭᠦᠯᠢᠭ | ᠠᠮᠤ ᠶᠢ ᠢᠳᠡᠵᠦ᠂ ᠰᠢᠮ᠎ᠡ ᠲᠡᠵᠢᠭᠡᠯ ᠤᠨ ᠲᠡᠩᠴᠡᠭᠦᠷᠢ ᠶᠢ ᠪᠠᠲᠤᠯᠠᠨ᠎ᠠ᠃ | ᠡᠳᠦᠷ ᠪᠦᠷᠢ ᠨᠢᠭᠡ ᠴᠠᠭ ᠬᠥᠳᠡᠯᠭᠡᠭᠡᠨ ᠬᠢᠨ᠎ᠡ᠃ | ᠥᠷᠯᠥᠭᠡ ᠶᠢᠨ ᠴᠠᠢ ᠪᠠᠨ ᠤᠤᠭᠤᠵᠦ᠂ ᠴᠠᠭ ᠲᠠᠭᠠᠨ ᠠᠮᠠᠷᠠᠨ᠎ᠠ᠃ | ᠪᠡᠶ᠎ᠡ ᠭᠠᠯᠪᠢᠷ ᠢᠶᠠᠨ ᠢᠮᠠᠭᠲᠠ ᠠᠩᠬᠠᠷᠴᠤ᠂ ᠴᠠᠭ ᠢᠶᠠᠨ ᠦᠵᠡᠵᠦ ᠪᠠᠶᠢᠭᠠᠳ ᠢᠳᠡᠵᠦ ᠤᠤᠭᠤᠬᠤ ᠪᠠᠨ | ᠲᠣᠬᠢᠷᠠᠭᠤᠯᠤᠨ᠎ᠠ᠃ | ᠲᠣᠭᠲᠠᠭᠰᠠᠨ ᠬᠤᠭᠤᠴᠠᠭ᠎ᠠ ᠲᠠᠢ ᠪᠡᠶ᠎ᠡ ᠶᠢᠨ ᠪᠠᠶᠢᠴᠠᠭᠠᠯᠲᠠ ᠬᠢᠨ᠎ᠡ᠃ | ᠬᠡᠪᠡᠯᠢ ᠪᠠᠷ ᠢᠶᠠᠨ ᠠᠮᠢᠰᠬᠤᠬᠤ ᠶᠢ ᠰᠤᠷᠬᠤ ᠬᠡᠷᠡᠭᠲᠡᠶ᠃ | ᠰᠡᠳᠬᠢᠯ ᠬᠤᠪᠢᠶᠠᠭᠳᠠᠬᠤ ᠦᠭᠡᠶ ᠪᠠᠷ ᠠᠩᠬᠠᠷᠤᠯ ᠢᠶᠠᠨ ᠲᠥᠪᠯᠡᠷᠡᠭᠦᠯᠦᠨ ᠠᠵᠢᠯᠯᠠᠨ᠎ᠠ᠃ | ᠳᠠᠶᠢᠪᠤᠩ ᠰᠠᠶᠢᠬᠠᠨ ᠬᠤᠭᠤᠯᠠᠯᠠᠵᠦ᠂ ᠢᠯᠡᠬᠦᠦ ᠵᠠᠵᠢᠯᠵᠤ ᠠᠭᠠᠵᠢᠭᠤ ᠵᠠᠯᠭᠢᠨ᠋ ᠠ᠃ | ᠡᠳᠦᠷ ᠪᠦᠷᠢ ᠰᠣᠨᠢᠶᠠᠨᠠ᠃ | ᠦᠷᠭᠦᠯᠵᠢ ᠰᠠᠶᠢᠨ ᠰᠠᠶᠢᠬᠠᠨ ᠢ ᠪᠤᠳᠣᠵᠦ᠂ ᠰᠡᠳᠬᠢᠯ ᠰᠠᠨᠠᠭ᠎ᠠ ᠪᠠᠨ ᠳᠠᠶᠢᠪᠤᠩ ᠪᠠᠶᠢᠯᠭᠠᠨ᠎ᠠ᠃ | | | ᠠᠵᠢᠯ ᠳᠡᠭᠡᠷ᠎ᠡ | ᠠᠵᠢᠯ ᠠᠴᠠ ᠪᠠᠨ ᠬᠤᠵᠢᠮᠳᠠᠬᠤ ᠦᠭᠡᠢ᠂ ᠪᠤᠯᠬᠤ ᠶᠢᠨ ᠳᠣᠳᠣᠷ᠎ᠠ ᠴᠢᠯᠦᠬᠡ ᠭᠤᠶᠤᠬᠤ ᠦᠬᠡᠢ᠃ | ᠠᠵᠢᠯᠯᠠᠬᠤ ᠣᠷᠴᠢᠨ ᠲᠣᠭᠤᠷᠢᠨ ᠢᠶᠠᠨ ᠴᠡᠪᠡᠷ ᠲᠡᠭᠰᠢ ᠪᠠᠶᠢᠯᠭᠠᠨ᠎ᠠ᠃ | ᠠᠵᠢᠯ ᠡᠬᠢᠯᠡᠬᠦ ᠠᠴᠠ ᠡᠮᠦᠨ᠎ᠡ᠂ ᠬᠡᠳᠦᠨ ᠮᠢᠨᠦ᠋ᠲ ᠤᠨ ᠴᠠᠭ ᠭᠠᠷᠭᠠᠵᠦ ᠪᠠᠶᠢᠭᠠᠳ ᠡᠳᠦᠷ ᠤᠨ ᠠᠵᠢᠯ ᠢᠶᠠᠨ | ᠪᠢᠴᠢᠵᠦ ᠳᠠᠯᠪᠢᠨ᠎ᠠ᠃ | ᠣᠴᠢᠷ ᠶᠠᠪᠤᠳᠠᠯ ᠢᠶᠠᠨ ᠤᠷᠢᠳᠴᠢᠯᠠᠨ ᠪᠣᠯᠵᠣᠵᠤ᠂ ᠬᠠᠭᠠᠯᠭ᠎ᠠ ᠬᠦᠩᠬᠡᠬᠡᠨ ᠲᠣᠭᠰᠢᠨ᠎ᠠ᠃ | ᠣᠯᠠᠨ ᠨᠡᠢᠲᠡ ᠶᠢᠨ ᠲᠠᠯᠠᠪᠤᠷ ᠲᠤ ᠬᠤᠭ ᠨᠤᠪᠰᠢ ᠪᠠᠨ ᠴᠢᠷᠦᠬᠦ ᠦᠬᠡᠢ᠃ | ᠬᠤᠷᠠᠯ ᠤᠨ ᠴᠠᠭ ᠲᠤ ᠭᠠᠷ ᠤᠲᠠᠰᠤ ᠣᠷᠣᠯᠳᠣᠬᠤ ᠦᠭᠡᠢ᠃ | ᠠᠵᠢᠯ ᠤᠨ ᠴᠠᠭ ᠲᠤ ᠪᠢᠲᠡᠭᠡᠶ ᠪᠠᠶᠢᠨ ᠳᠠᠬᠢᠨ ᠤᠲᠠᠰᠤᠳᠠ᠃ | ᠬᠡᠷᠪᠡ ᠠᠵᠢᠯ ᠢᠶᠠᠨ ᠴᠠᠭ ᠲᠠᠭᠠᠨ ᠳᠣᠰᠢᠶᠠᠵᠦ ᠠᠮᠵᠢᠭ᠎ᠠ ᠦᠭᠡᠢ ᠪᠤᠶᠤ ᠬᠡᠨᠡᠳᠳᠡ ᠣᠴᠢᠷ ᠲᠠᠢ ᠪᠤᠯᠪᠠᠯ ᠴᠠᠭ | ᠲᠤᠬᠠᠶ ᠳᠤᠨᠢ ᠤᠳᠤᠷᠢᠳᠤᠯᠭ᠎ᠠ ᠳᠠᠭᠠᠨ ᠮᠡᠳᠡᠭᠳᠡᠵᠦ᠂ ᠡᠪᠳᠡᠢ ᠵᠤᠬᠢᠴᠠᠭᠤᠯᠤᠨ᠂ ᠬᠤᠬᠢᠷᠠᠯ ᠠᠴᠠ ᠠᠯᠢ ᠪᠤᠯᠬᠤ | ᠪᠠᠷ ᠵᠠᠶᠢᠯᠠᠰᠬᠢᠨ᠎ᠠ᠃ | ᠠᠮᠢᠳᠤᠷᠠᠯ ᠳᠣᠮᠳᠠ | ᠠᠵᠢᠯ᠂ ᠠᠮᠢᠳᠤᠷᠠᠯ ᠢᠶᠠᠨ ᠴᠠᠭ ᠲᠤ ᠨᠢ ᠳ᠋ᠦᠩᠨᠡᠵᠦ᠂ ᠬᠤᠭᠤᠴᠠᠭ᠎ᠠ ᠳᠣᠭᠳᠠᠭᠠᠨ ᠵᠣᠬᠢᠰᠲᠠᠶ ᠪᠠᠷ | ᠲᠥᠯᠥᠪᠵᠢᠭᠦᠯᠬᠦ ᠬᠡᠷᠡᠭᠲᠡᠶ᠃ | ᠭᠤᠸ᠎ᠠ ᠰᠠᠶᠢᠬᠠᠨ ᠤ ᠳᠠᠯ᠎ᠠ ᠪᠠᠷ ᠠᠩᠬᠠᠷᠣᠯ ᠳᠠᠯᠪᠢᠵᠦ᠂ ᠦᠰᠦ ᠬᠡᠵᠢᠬᠡ ᠪᠠᠨ ᠳᠣᠭᠳᠠᠭᠰᠠᠨ ᠴᠠᠭ ᠳᠤ ᠨᠢ | ᠵᠠᠰᠠᠵᠤ᠂ ᠰᠠᠬᠠᠯ ᠬᠤᠤᠵᠠ ᠪᠠᠨ ᠬᠤᠰᠤᠨ᠂ ᠣᠶᠢᠮᠤᠰᠦ ᠱᠠᠬᠠᠶ ᠪᠠᠨ ᠳᠡᠷᠢ ᠳᠡᠭᠰᠢ ᠪᠠᠶᠢᠯᠭᠠᠨ᠎ᠠ᠃ | ᠬᠠᠮᠳᠦ ᠠᠮᠢᠳᠣᠷᠠᠵᠦ ᠪᠠᠶᠢᠭ᠎ᠠ ᠪᠤᠰᠤᠳ ᠤᠨ ᠢᠶᠠᠨ ᠠᠮᠢᠳᠤᠷᠠᠯ ᠤᠨ ᠳᠠᠳᠬᠠᠯ ᠢ ᠬᠦᠨᠳᠦᠳᠬᠡᠵᠦ᠂ | ᠬᠠᠷᠢᠯᠴᠠᠨ ᠢᠲᠡᠭᠡᠯᠴᠡᠵᠦ᠂ ᠨᠥᠬᠦᠷᠰᠡᠭ ᠢᠶᠠᠷ ᠬᠠᠷᠢᠯᠴᠠᠨ᠎ᠠ᠃ | ᠠᠮᠢᠳᠤᠷᠠᠯ ᠤᠨ ᠳᠤᠮᠳᠠᠬᠢ ᠰᠠᠢᠬᠠᠨ ᠰᠠᠢᠬᠠᠨ ᠢ ᠳᠡᠮᠳᠡᠭᠯᠡᠵᠦ ᠦᠯᠡᠳᠡᠭᠡ᠃ | ᠣᠳᠠᠰᠦ ᠰᠦᠯᠵᠢᠶᠠᠨ ᠳᠤ ᠴᠠᠭ ᠢᠶᠠᠨ ᠶᠡᠭᠡ ᠦᠷᠡᠬᠦ ᠦᠬᠡᠢ ᠪᠠᠶᠢᠵᠦ᠂ ᠨᠣᠮ ᠢᠯᠡᠭᠦᠦ ᠤᠩᠰᠢ᠃ | ᠥᠪᠡᠷ ᠤᠨ ᠳᠤᠷ᠎ᠠ ᠰᠣᠨᠢᠷᠬᠠᠯ ᠲᠠᠢ᠂ ᠪᠤᠬᠢᠨᠢᠳᠣᠯ ᠢᠶᠠᠨ ᠳᠠᠶᠢᠯᠠᠬᠤ ᠠᠷᠭ᠎ᠠ ᠲᠠᠢ ᠪᠠᠶᠢᠬᠤ᠃ | ᠶᠠᠪᠤᠭᠰᠠᠨ ᠬᠦᠷᠦᠭᠰᠡᠨ ᠭᠠᠵᠠᠷ ᠤᠨ ᠣᠷᠴᠢᠨ ᠲᠣᠭᠤᠷᠢᠨ ᠪᠤᠯᠤᠨ ᠥᠪᠡᠷ ᠢ ᠪᠠᠨ ᠴᠡᠪᠡᠷ ᠴᠡᠮᠴᠡᠭᠡᠷ ᠠᠪᠴᠦ | ᠶᠠᠪᠤᠬᠤ ᠬᠡᠷᠡᠭᠳᠡᠢ᠃ | ᠠᠪᠤ ᠡᠵᠢ ᠲᠠᠨᠢ ᠳᠡᠷᠭᠡᠳᠡ ᠴᠢᠨᠢ ᠪᠠᠶᠢᠬᠤ ᠦᠭᠡᠢ ᠪᠣᠯ ᠪᠠᠶᠢᠩᠭᠤ ᠣᠳᠠᠰᠦ ᠪᠠᠷ ᠶᠠᠷᠢᠵᠦ ᠪᠠᠢ᠃ | | ᠢᠷᠡᠯᠲᠡ᠄ ᠠᠷᠠᠳ ᠤᠨ ᠰᠦᠯᠵᠢᠶ᠎ᠡ | ᠪᠡᠯᠡᠳᠬᠡᠭᠰᠡᠨ ᠨᠢ᠄ ᠨᠠᠷᠠᠰᠤ |