ᠰᠢ ᠶᠢᠨ ᠫᠢᠩ ᠠᠩᠬᠠᠳᠤᠭᠠᠷ ᠬᠤᠭᠤᠴᠠᠭᠠᠨ ᠤ ᠳᠤᠮᠳᠠᠳᠤ ᠤᠯᠤᠰ ᠤᠨ ᠤᠯᠠᠨ ᠤᠯᠤᠰ ᠤᠨ ᠭᠡᠷᠡᠭᠯᠡᠭᠡᠨ ᠤ ᠪᠦᠳᠦᠭᠡᠭᠳᠡᠬᠦᠨ ᠤ ᠦᠵᠡᠰᠬᠦᠯᠡᠩ ᠤᠨ ᠴᠤᠬᠯᠠᠭᠠᠨ ᠳᠤ ᠪᠡᠶᠠᠷ ᠤᠨ ᠵᠠᠬᠢᠳᠠᠯ ᠢᠯᠡᠭᠡᠪᠠ
ᠨᠡᠶᠢᠲᠡᠯᠡᠭᠰᠡᠨ ᠴᠠᠭ᠄
2021/5/8
     ᠰᠢᠨᠬᠤᠸᠠ ᠬᠤᠷᠢᠶᠠᠨ ᠤ ᠪᠡᠭᠡᠵᠢᠩ ᠤᠨ 5 ᠰᠠᠷ᠎ᠠ ᠶᠢᠨ 6 ᠤ ᠴᠠᠬᠢᠯᠭᠠᠨ ᠮᠡᠳᠡᠭᠡ 5 ᠰᠠᠷ᠎ᠠ ᠶᠢᠨ 6 ᠤ ᠡᠳᠦᠷ᠂ ᠤᠯᠤᠰ ᠤᠨ ᠲᠡᠷᠢᠬᠦᠯᠡᠭᠴᠢ ᠰᠢ ᠶᠢᠨ ᠫᠢᠩ ᠠᠩᠬᠠᠳᠤᠭᠠᠷ ᠬᠤᠭᠤᠴᠠᠭᠠᠨ ᠤ ᠳᠤᠮᠳᠠᠳᠤ ᠤᠯᠤᠰ ᠤᠨ ᠤᠯᠠᠨ ᠤᠯᠤᠰ ᠤᠨ ᠭᠡᠷᠡᠭᠯᠡᠭᠡᠨ ᠤ ᠪᠦᠳᠦᠭᠡᠭᠳᠡᠬᠦᠨ ᠤ ᠦᠵᠡᠰᠬᠦᠯᠡᠩ ᠤᠨ ᠴᠤᠬᠯᠠᠭᠠᠨ ᠳᠤ ᠪᠡᠶᠠᠷ ᠤᠨ ᠵᠠᠬᠢᠳᠠᠯ ᠢᠯᠡᠭᠡᠪᠡ᠃      ᠰᠢ ᠶᠢᠨ ᠫᠢᠩ᠂ ᠳᠤᠮᠳᠠᠳᠤ ᠤᠯᠤᠰ ᠤᠨ ᠤᠯᠠᠨ ᠤᠯᠤᠰ ᠤᠨ ᠭᠡᠷᠡᠭᠯᠡᠭᠡᠨ ᠤ ᠪᠦᠳᠦᠭᠡᠭᠳᠡᠬᠦᠨ ᠤ ᠦᠵᠡᠰᠬᠦᠯᠡᠩ ᠤᠨ ᠴᠤᠬᠯᠠᠭᠠᠨ ᠢ ᠡᠷᠬᠢᠯᠡᠵᠦ᠂ ᠲᠠᠯᠠᠬᠡᠢ ᠳ᠋ᠠᠬᠢᠨ ᠳᠤ ᠭᠡᠷᠡᠭᠯᠡᠭᠡᠨ ᠤ ᠰᠤᠳᠤᠨ ᠪᠦᠳᠦᠭᠡᠭᠳᠡᠬᠦᠨ ᠤ ᠦᠵᠡᠬᠦᠯᠭᠡ ᠶᠢᠨ ᠲᠠᠪᠴᠠᠩ ᠬᠠᠩᠭᠠᠵᠦ ᠪᠠᠶᠢᠭ᠎ᠠ ᠨᠢ ᠳᠡᠯᠡᠭᠡᠢ ᠶᠢᠨ ᠡᠯ᠎ᠠ ᠤᠯᠤᠰ ᠤᠨ ᠬᠢᠨ ᠤ ᠳᠤᠮᠳᠠᠳᠤ ᠤᠯᠤᠰ ᠤᠨ ᠵᠠᠬ᠎ᠠ ᠳᠡᠯᠭᠡᠬᠦᠷ ᠤᠨ ᠠᠵᠠ ᠲᠤᠬᠢᠶᠠᠯ ᠢ ᠬᠠᠮᠳᠤ ᠪᠠᠷ ᠬᠤᠪᠢᠶᠠᠯᠴᠠᠬᠤ ᠳᠤ ᠠᠰᠢᠬᠳᠠᠢ᠂ ᠳᠡᠯᠡᠭᠡᠢ ᠶᠢᠨ ᠠᠵᠤ ᠠᠬᠤᠢ ᠶᠢᠨ ᠰᠡᠷᠬᠦᠯᠳᠠ ᠪᠠ ᠨᠡᠮᠡᠭᠳᠡᠯ ᠳᠤ ᠠᠰᠢᠬᠳᠠᠢ ᠪᠦᠭᠡᠳ ᠪᠠᠰᠠ ᠳᠤᠮᠳᠠᠳᠤ ᠤᠯᠤᠰ ᠤᠨ ᠳᠡᠯᠡᠭᠡᠢ ᠳ᠋ᠠᠬᠢᠨ ᠳᠤ ᠨᠡᠩ ᠤᠯᠠᠨ ᠰᠢᠯᠢᠳᠡᠭ ᠭᠡᠷᠡᠭᠯᠡᠭᠡᠨ ᠤ ᠪᠦᠳᠦᠭᠡᠭᠳᠡᠬᠦᠨ ᠬᠠᠩᠭᠠᠬᠤ ᠳᠤ ᠴᠦ ᠠᠰᠢᠬᠳᠠᠢ ᠶᠤᠮ᠃ ᠡᠯ᠎ᠠ ᠤᠯᠤᠰ ᠤᠨ ᠡᠷᠬᠢᠮ ᠵᠤᠴᠢᠳ ᠪᠤᠯᠤᠨ ᠡᠯ᠎ᠠ ᠡᠳᠡᠭᠡᠳ ᠤᠨ ᠬᠦᠮᠦᠰ ᠬᠦᠨᠵᠡᠭᠡᠢ ᠰᠤᠯᠢᠯᠴᠠᠭ᠎ᠠ ᠬᠢᠵᠤ᠂ ᠬᠠᠮᠳᠤᠷᠠᠯᠴᠠᠭ᠎ᠠ ᠶᠢ ᠬᠠᠮᠳᠤ ᠪᠠᠷ ᠵᠦᠪᠳᠡᠯᠴᠡᠨ᠂ ᠡᠯ᠎ᠠ ᠤᠯᠤᠰ ᠤᠨ ᠠᠷᠠᠳ ᠲᠦᠮᠡᠨ ᠳᠤ ᠨᠡᠩ ᠤᠯᠠᠨ ᠪᠤᠶᠠᠨ ᠦᠢᠯᠡᠳᠴᠦ ᠦᠭᠬᠦ ᠶᠢ ᠬᠦᠰᠡᠵᠦ ᠪᠠᠶᠢᠨ᠎ᠠ ᠭᠡᠵᠦ ᠵᠢᠭᠠᠵᠦ ᠭᠠᠷᠭᠠᠪᠠ᠃      ᠰᠢ ᠶᠢᠨ ᠫᠢᠩ᠂ ᠳᠤᠮᠳᠠᠳᠤ ᠤᠯᠤᠰ ᠳᠤᠷᠠᠳᠠᠶ᠎ᠠ ᠬᠠᠶᠢᠨᠠᠨ ᠤ ᠴᠢᠯᠦᠭᠡᠳᠦ ᠠᠷᠠᠯᠵᠢᠶᠠᠨ ᠤ ᠭᠠᠷᠠᠮ ᠤᠨ ᠦᠭᠡᠷᠡᠴᠢᠯᠡᠯᠳᠠ ᠶᠢ ᠪᠦᠬᠦ ᠲᠠᠯ᠎ᠠ ᠪᠠᠷ ᠬᠦᠨᠵᠡᠭᠡᠶᠢᠷᠡᠬᠦᠯᠬᠦ ᠪᠤᠯᠤᠨ ᠬᠠᠮᠤᠭ ᠤᠨ ᠦᠨᠳᠦᠷ ᠲᠦᠪᠰᠢᠨ ᠲᠠᠢ ᠨᠡᠭᠡᠭᠡᠯᠳᠠ ᠬᠢᠬᠦ ᠳᠤᠷᠰᠢᠯᠳᠠ ᠶᠢᠨ ᠲᠦᠷᠦ ᠶᠢᠨ ᠪᠤᠳᠤᠯᠭ᠎ᠠ ᠶᠢᠨ ᠲᠠᠪᠠᠭᠤᠯᠢᠭ ᠢ ᠪᠠᠳᠠᠷᠠᠭᠤᠯᠵᠦ᠂ ᠬᠤᠶᠠᠷ ᠲᠠᠯ᠎ᠠ ᠶᠢᠨ᠂ ᠤᠯᠠᠨ ᠲᠠᠯ᠎ᠠ ᠶᠢᠨ ᠪᠠ ᠤᠷᠤᠨ ᠪᠦᠰᠡ ᠶᠢᠨ ᠬᠠᠮᠳᠤᠷᠠᠯᠴᠠᠭ᠎ᠠ ᠶᠢ ᠬᠦᠨᠵᠡᠭᠡᠶᠢᠷᠡᠬᠦᠯᠦᠨ᠂ ᠡᠯ᠎ᠠ ᠲᠠᠯ᠎ᠠ ᠶᠢᠨ ᠬᠢᠨ ᠲᠠᠢ ᠬᠠᠮᠳᠤ ᠪᠠᠷ ᠬᠦᠮᠦᠨ ᠲᠦᠷᠦᠯᠬᠢᠳᠡᠨ ᠤ ᠨᠡᠩ ᠰᠠᠶᠢᠨ ᠰᠠᠶᠢᠬᠠᠨ ᠢᠷᠡᠭᠡᠳᠦᠢ ᠶᠢ ᠭᠠᠷ ᠬᠤᠯᠪᠤᠨ ᠴᠤᠬᠴᠠᠯᠠᠨ᠎ᠠ ᠭᠡᠵᠦ ᠴᠢᠬᠤᠯᠠᠴᠢᠯᠠᠪᠠ᠃      ᠠᠩᠬᠠᠳᠤᠭᠠᠷ ᠬᠤᠭᠤᠴᠠᠭᠠᠨ ᠤ ᠳᠤᠮᠳᠠᠳᠤ ᠤᠯᠤᠰ ᠤᠨ ᠤᠯᠠᠨ ᠤᠯᠤᠰ ᠤᠨ ᠭᠡᠷᠡᠭᠯᠡᠭᠡᠨ ᠤ ᠪᠦᠳᠦᠭᠡᠭᠳᠡᠬᠦᠨ ᠤ ᠦᠵᠡᠰᠬᠦᠯᠡᠩ ᠤᠨ ᠴᠤᠬᠯᠠᠭᠠᠨ ᠲᠤᠰ ᠡᠳᠦᠷ ᠬᠠᠶᠢᠨᠠᠨ ᠮᠤᠵᠢ ᠶᠢᠨ ᠬᠠᠶᠢᠺᠸᠦ ᠬᠤᠳᠠ ᠳᠤ ᠡᠬᠢᠯᠡᠪᠡ᠂ ᠬᠤᠳᠠᠯᠳᠤᠭᠠᠨ ᠤ ᠶᠠᠪᠤᠳᠠᠯ ᠤᠨ ᠶᠠᠮᠤᠨ ᠪᠤᠯᠤᠨ ᠬᠠᠶᠢᠨᠠᠨ ᠮᠤᠵᠢ ᠶᠢᠨ ᠠᠷᠠᠳ ᠤᠨ ᠵᠠᠰᠠᠭ ᠤᠨ ᠤᠷᠳᠤᠨ ᠠᠴᠠ ᠬᠠᠮᠳᠤ ᠪᠠᠷ ᠡᠷᠬᠢᠯᠡᠵᠦ᠂ ᠦᠵᠡᠬᠦᠯᠭᠡ ᠶᠢᠨ ᠶᠡᠷᠦᠩᠭᠡᠢ ᠲᠠᠯᠠᠪᠠᠢ ᠨᠢ 8 ᠲᠦᠮᠡᠨ ᠲᠡᠭᠰᠢ ᠲᠦᠷᠪᠡᠯᠵᠢᠨ ᠮᠧᠳ᠋ᠷ ᠲᠤ ᠬᠦᠷᠴᠦ᠂ 70 ᠰᠢᠬᠠᠮ ᠤᠯᠤᠰ ᠪᠠ ᠭᠠᠵᠠᠷ ᠤᠷᠤᠨ ᠠᠴᠠ ᠢᠷᠡᠭᠰᠡᠨ ᠤᠯᠤᠰ ᠤᠨ ᠳᠤᠳᠤᠭᠠᠳᠦ ᠭᠠᠳᠠᠭᠠᠳᠦ ᠶᠢᠨ 1500 ᠰᠢᠬᠠᠮ ᠠᠵᠤ ᠠᠬᠤᠢᠢᠯᠠᠯ ᠤᠨ ᠬᠢᠨ ᠦᠵᠡᠬᠦᠯᠭᠡ ᠳᠤ ᠤᠷᠤᠯᠴᠠᠵᠠᠢ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3