| | ︿ᠵᠢᠱᠢᠶ᠎ᠡ ᠭᠡᠷᠡᠭ﹀ | ᠪᠠᠲᠠᠷᠴᠢ ᠵᠢᠯᠣᠭᠤᠴᠢ ᠪᠠᠶᠢᠵᠦ᠂ ᠲᠦᠭᠵᠢᠯ ᠤᠨ ᠪᠠᠷᠠᠭᠠᠨ ᠲᠡᠷᠭᠡ ᠶᠢ ᠣᠷᠲᠤ ᠬᠤᠭᠤᠴᠠᠭ᠎ᠠ ᠪᠠᠷ | ᠲᠦᠷᠢᠶᠡᠰᠦᠯᠡᠨ ᠪᠠᠷᠠᠭ᠎ᠠ ᠵᠦᠭᠡᠭᠡᠪᠦᠷᠢᠯᠡᠵᠦ᠂ ᠡᠩ ᠤᠨ ᠴᠠᠭ ᠲᠤ ᠪᠠᠲᠠᠷᠴᠢ ᠲᠡᠷᠭᠡ ᠶᠢ ᠬᠠᠮᠢᠶᠠᠷᠴᠦ᠂ ᠲᠦᠭᠵᠢᠯ ᠨᠢ | ᠵᠦᠪᠬᠡᠨ ᠲᠦᠷᠢᠶᠡᠰᠦᠨ ᠮᠦᠩᠬᠦ ᠠᠪᠲᠠᠭ ᠪᠠᠶᠢᠵᠠᠢ᠃ ᠨᠢᠭᠡ ᠣᠲᠠᠭ᠎ᠠ ᠪᠠᠲᠠᠷᠴᠢ ᠪᠠᠷᠠᠭ᠎ᠠ ᠵᠦᠭᠡᠭᠡᠪᠦᠷᠢᠯᠡᠬᠦ ᠵᠠᠮ | ᠲᠣᠮᠲᠠ ᠪᠠᠨ ᠭᠡᠨᠡᠲᠡᠯ ᠠᠴᠠ ᠪᠣᠯᠵᠤ ᠢᠲᠡᠭᠡᠯᠲᠤ ᠶᠢ ᠰᠢᠷᠠᠭᠲᠤᠭᠤᠯᠪᠠ᠃ ᠢᠲᠡᠭᠡᠯᠲᠤ ᠶᠢᠨ ᠰᠢᠷᠬ᠎ᠠ | ᠡᠲᠡᠭᠡᠷᠡᠭᠰᠡᠨ ᠠᠴᠠ ᠰᠡᠬᠦᠯᠡᠷ ᠪᠠᠲᠠᠷᠴᠢ ᠪᠣᠯᠣᠨ ᠲᠦᠭᠵᠢᠯ ᠢ ᠴᠦᠮ ᠰᠢᠬᠦᠬᠦ ᠬᠤᠷᠢᠶᠠᠨ ᠳᠤ ᠵᠠᠭᠠᠯᠲᠣᠵᠦ᠂ | ᠲᠦᠯᠦᠬᠦᠯᠬᠦ ᠪᠠᠷ ᠱᠠᠭᠠᠷᠲᠠᠭᠰᠠᠨ ᠪᠠᠶᠢᠨ᠎ᠠ᠃ ᠡᠬᠦᠨ ᠳᠤ ᠲᠦᠭᠵᠢᠯ ᠮᠠᠷᠭᠤᠵᠣ᠂ ᠪᠠᠲᠠᠷᠴᠢ ᠲᠡᠷᠭᠡ ᠶᠢ ᠬᠠᠮᠢᠶᠠᠷᠣᠨ | ᠬᠡᠷᠡᠭᠯᠡᠵᠦ ᠪᠠᠶᠢᠭ᠎ᠠ ᠪᠣᠯᠬᠤᠷ ᠦᠪᠡᠷ ᠲᠤᠨᠢ ᠲᠦᠯᠦᠬᠦ ᠬᠠᠷᠢᠭᠤᠴᠠᠯᠭ᠎ᠠ ᠦᠭᠡᠢ ᠭᠡᠵᠡᠢ᠃ ᠲᠡᠭᠡᠪᠡᠯ ᠲᠦᠭᠵᠢᠯ ᠤᠨ | ᠬᠡᠯᠡᠯᠭᠡ ᠵᠦᠢᠲᠠᠢ ᠦᠦ︖ | ︿ᠵᠠᠲᠠᠯᠣᠯᠲᠠ﹀ | ︽ᠡᠷᠬᠡ ᠳᠤ ᠬᠠᠯᠲᠠᠭᠰᠠᠨ ᠬᠠᠷᠢᠭᠤᠴᠠᠯᠭ᠎ᠠ ᠶᠢᠨ ᠬᠠᠣᠯᠢ︾ ᠶᠢ ᠦᠨᠳᠦᠰᠦᠯᠡᠪᠡᠯ᠂ ᠲᠦᠷᠢᠶᠡᠰᠦᠯᠡᠭᠦᠯᠦᠭᠰᠡᠨ᠂ | ᠵᠢᠭᠡᠯᠡᠨ ᠬᠡᠷᠡᠭᠯᠡᠭᠰᠡᠨ ᠵᠡᠷᠭᠡ ᠪᠠᠶᠢᠲᠠᠯ ᠠᠴᠠ ᠪᠣᠯᠵᠤ ᠮᠠᠰᠢᠨᠲᠤ ᠲᠡᠷᠭᠡᠨ ᠤ ᠦᠮᠴᠢᠯᠡᠭᠴᠢ ᠪᠡ ᠬᠡᠷᠡᠭᠯᠡᠭᠴᠢ ᠨᠢ ᠨᠢᠭᠡ | ᠯᠡ ᠬᠦᠮᠦᠨ ᠪᠢᠰᠢ ᠪᠠᠶᠢᠬᠤ ᠦᠶ᠎ᠡ ᠳᠤ᠂ ᠵᠠᠮ ᠬᠠᠷᠢᠯᠴᠠᠭᠠᠨ ᠤ ᠭᠡᠨᠡᠲᠡᠯ ᠭᠠᠷᠴᠦ᠂ ᠲᠣᠰ ᠮᠠᠰᠢᠨᠲᠤ ᠲᠡᠷᠭᠡ ᠶᠢᠨ | ᠲᠠᠯ᠎ᠠ ᠶᠢᠨ ᠬᠢᠨ ᠤ ᠬᠠᠷᠢᠭᠤᠴᠠᠯᠭ᠎ᠠ ᠠᠴᠠ ᠪᠣᠯᠣᠬᠰᠠᠨ ᠪᠠᠶᠢᠪᠠᠯ᠂ ᠲᠠᠭᠠᠳᠬᠠᠯ ᠤᠨ ᠺᠣᠮᠫᠠᠨᠢ ᠠᠴᠠ ᠮᠠᠰᠢᠨᠲᠤ | ᠲᠡᠷᠭᠡᠨ ᠤ ᠠᠯᠪᠠᠲᠠᠯᠭ᠎ᠠ ᠶᠢᠨ ᠲᠠᠭᠠᠳᠬᠠᠯ ᠤᠨ ᠬᠠᠷᠢᠭᠤᠴᠠᠯᠭ᠎ᠠ ᠶᠢᠨ ᠬᠢᠵᠠᠭᠠᠷᠲᠣ ᠲᠣᠭᠠᠨ ᠤ ᠬᠡᠪᠴᠢᠶᠡᠨ ᠲᠣᠲᠣᠷ᠎ᠠ | ᠲᠦᠯᠦᠵᠦ ᠦᠭᠬᠦᠨ᠎ᠡ᠃ ᠬᠦᠷᠬᠦ ᠦᠭᠡᠢ ᠬᠡᠰᠡᠭ ᠲᠤᠨᠢ ᠮᠠᠰᠢᠨᠲᠤ ᠲᠡᠷᠭᠡᠨ ᠤ ᠬᠡᠷᠡᠭᠯᠡᠭᠴᠢ ᠠᠴᠠ ᠲᠦᠯᠦᠬᠦ | ᠬᠠᠷᠢᠭᠤᠴᠠᠯᠭ᠎ᠠ ᠡᠬᠦᠷᠭᠡᠯᠡᠨ᠎ᠡ᠃ ᠮᠠᠰᠢᠨᠲᠦ ᠲᠡᠷᠭᠡᠨ ᠤ ᠦᠮᠴᠢᠯᠡᠭᠴᠢ ᠨᠢ ᠬᠤᠬᠢᠷᠠᠯ ᠤᠨ ᠡᠬᠦᠰᠬᠦ ᠳᠤ ᠣᠰᠣᠯ ᠲᠠᠢ | ᠪᠠᠶᠢᠪᠠᠯ ᠵᠣᠬᠢᠴᠠᠩᠭᠤᠢ ᠲᠦᠯᠦᠬᠦ ᠬᠠᠷᠢᠭᠤᠴᠠᠯᠭ᠎ᠠ ᠡᠬᠦᠷᠭᠡᠯᠡᠨ᠎ᠡ᠃ ᠡᠨᠡ ᠨᠢ ᠲᠦᠷᠢᠶᠡᠰᠦᠯᠡᠭᠦᠯᠦᠭᠰᠡᠨ᠂ ᠵᠢᠭᠡᠯᠡᠨ | ᠬᠡᠷᠡᠭᠯᠡᠭᠰᠡᠨ ᠵᠡᠷᠭᠡ ᠪᠠᠶᠢᠲᠠᠯ ᠠᠴᠠ ᠪᠣᠯᠵᠤ ᠮᠠᠰᠢᠨᠲᠤ ᠲᠡᠷᠭᠡᠨ ᠤ ᠦᠮᠴᠢᠯᠡᠭᠴᠢ ᠪᠡ ᠬᠡᠷᠡᠭᠯᠡᠭᠴᠢ ᠨᠢ ᠨᠢᠭᠡ ᠯᠡ | ᠬᠦᠮᠦᠨ ᠪᠢᠰᠢ ᠪᠠᠶᠢᠬᠤ ᠦᠶ᠎ᠡ ᠳᠤ᠂ ᠵᠠᠮ ᠬᠠᠷᠢᠯᠴᠠᠭᠠᠨ ᠤ ᠭᠡᠨᠡᠲᠡᠯ ᠭᠠᠷᠣᠭᠰᠠᠨ ᠪᠠᠶᠢᠪᠠᠯ ᠲᠦᠯᠦᠬᠦ | ᠬᠠᠷᠢᠭᠤᠴᠠᠯᠭ᠎ᠠ ᠶᠢ ᠬᠡᠷᠬᠢᠨ ᠡᠬᠦᠷᠭᠡᠯᠡᠬᠦ ᠲᠣᠬᠠᠢ ᠬᠠᠣᠯᠢ ᠶᠢᠨ ᠲᠣᠭᠲᠠᠭᠠᠯ ᠪᠣᠯᠣᠨ᠎ᠡ᠃ | ᠲᠣᠰ ᠬᠡᠷᠡᠭ ᠲᠤ᠂ ᠪᠠᠷᠠᠭᠠᠨ ᠲᠡᠷᠭᠡ ᠶᠢ ᠪᠠᠲᠠᠷᠴᠢ ᠲᠣᠵᠢ ᠬᠠᠮᠢᠶᠠᠷᠣᠨ ᠬᠡᠷᠡᠭᠯᠡᠵᠦ᠂ ᠲᠦᠭᠵᠢᠯ ᠬᠡᠨᠡᠲᠡᠯ | ᠡᠬᠦᠰᠬᠦ ᠳᠤ ᠣᠰᠣᠯ ᠦᠭᠡᠢ ᠪᠣᠯᠬᠤᠷ ᠲᠦᠯᠦᠬᠦ ᠬᠠᠷᠢᠭᠤᠴᠠᠯᠭ᠎ᠠ ᠡᠬᠦᠷᠭᠡᠯᠡᠬᠦ ᠦᠭᠡᠢ᠃ ᠡᠶᠢᠮᠣ ᠠᠴᠠ ᠢᠲᠡᠭᠡᠯᠲᠣ᠂ | ᠪᠠᠲᠠᠷᠴᠢ ᠪᠠᠷ ᠲᠦᠯᠦᠬᠦᠯᠬᠦ ᠪᠠᠷ ᠱᠠᠭᠠᠷᠲᠠᠪᠠᠯ ᠵᠣᠬᠢᠨ᠎ᠡ᠃ | ︿ᠬᠤᠯᠪᠣᠬᠲᠠᠯ ᠪᠦᠬᠦᠢ ᠬᠠᠣᠯᠢ ᠶᠢᠨ ᠬᠡᠯᠬᠢᠶᠡᠰᠣ﹀ | ︽ᠪᠦᠬᠦᠲᠡ ᠨᠠᠶᠢᠷᠠᠮᠳᠠᠬᠤ ᠳᠣᠮᠲᠠᠲᠣ ᠠᠷᠠᠳ ᠣᠯᠣᠰ ᠤᠨ ᠡᠷᠬᠡ ᠳᠤ ᠬᠠᠯᠲᠠᠭᠰᠠᠨ ᠬᠠᠷᠢᠭᠤᠴᠠᠯᠭ᠎ᠠ ᠶᠢᠨ | ᠬᠠᠣᠯᠢ︾ ᠶᠢᠨ ᠲᠦᠴᠢ ᠶᠢᠰᠦᠳᠦᠭᠡᠷ ᠵᠦᠢᠯ ᠳᠤ᠄ ︽ᠲᠦᠷᠢᠶᠡᠰᠦᠯᠡᠭᠦᠯᠦᠭᠰᠡᠨ᠂ ᠵᠢᠭᠡᠯᠡᠨ ᠬᠡᠷᠡᠭᠯᠡᠭᠰᠡᠨ ᠵᠡᠷᠭᠡ | ᠪᠠᠶᠢᠲᠠᠯ ᠠᠴᠠ ᠪᠣᠯᠵᠤ ᠮᠠᠰᠢᠨᠲᠤ ᠲᠡᠷᠭᠡᠨ ᠤ ᠦᠮᠴᠢᠯᠡᠭᠴᠢ ᠪᠡ ᠬᠡᠷᠡᠭᠯᠡᠭᠴᠢ ᠨᠢ ᠨᠢᠭᠡ ᠯᠡ ᠬᠦᠮᠦᠨ ᠪᠢᠰᠢ ᠪᠠᠶᠢᠬᠤ | ᠦᠶ᠎ᠡ ᠳᠤ᠂ ᠵᠠᠮ ᠬᠠᠷᠢᠯᠴᠠᠭᠠᠨ ᠤ ᠭᠡᠨᠡᠲᠡᠯ ᠭᠠᠷᠴᠦ᠂ ᠲᠣᠰ ᠮᠠᠰᠢᠨᠲᠤ ᠲᠡᠷᠭᠡ ᠶᠢᠨ ᠲᠠᠯ᠎ᠠ ᠶᠢᠨ ᠬᠢᠨ ᠤ | ᠬᠠᠷᠢᠭᠤᠴᠠᠯᠭ᠎ᠠ ᠠᠴᠠ ᠪᠣᠯᠣᠬᠰᠠᠨ ᠪᠠᠶᠢᠪᠠᠯ᠂ ᠲᠠᠭᠠᠳᠬᠠᠯ ᠤᠨ ᠺᠣᠮᠫᠠᠨᠢ ᠠᠴᠠ ᠮᠠᠰᠢᠨᠲᠤ ᠲᠡᠷᠭᠡᠨ ᠤ ᠠᠯᠪᠠᠲᠠᠯᠭ᠎ᠠ ᠶᠢᠨ | ᠲᠠᠭᠠᠳᠬᠠᠯ ᠤᠨ ᠬᠠᠷᠢᠭᠤᠴᠠᠯᠭ᠎ᠠ ᠶᠢᠨ ᠬᠢᠵᠠᠭᠠᠷᠲᠣ ᠲᠣᠭᠠᠨ ᠤ ᠬᠡᠪᠴᠢᠶᠡᠨ ᠲᠣᠲᠣᠷ᠎ᠠ ᠲᠦᠯᠦᠵᠦ ᠦᠭᠬᠦᠨ᠎ᠡ᠃ | ᠬᠦᠷᠬᠦ ᠦᠭᠡᠢ ᠬᠡᠰᠡᠭ ᠲᠤᠨᠢ ᠮᠠᠰᠢᠨᠲᠤ ᠲᠡᠷᠭᠡᠨ ᠤ ᠬᠡᠷᠡᠭᠯᠡᠭᠴᠢ ᠠᠴᠠ ᠲᠦᠯᠦᠬᠦ ᠬᠠᠷᠢᠭᠤᠴᠠᠯᠭ᠎ᠠ ᠡᠬᠦᠷᠭᠡᠯᠡᠨ᠎ᠡ᠃ | ᠮᠠᠰᠢᠨᠲᠦ ᠲᠡᠷᠭᠡᠨ ᠤ ᠦᠮᠴᠢᠯᠡᠭᠴᠢ ᠨᠢ ᠬᠤᠬᠢᠷᠠᠯ ᠤᠨ ᠡᠬᠦᠰᠬᠦ ᠳᠤ ᠣᠰᠣᠯ ᠲᠠᠢ ᠪᠠᠶᠢᠪᠠᠯ ᠵᠣᠬᠢᠴᠠᠩᠭᠤᠢ ᠲᠦᠯᠦᠬᠦ | ᠬᠠᠷᠢᠭᠤᠴᠠᠯᠭ᠎ᠠ ᠡᠬᠦᠷᠭᠡᠯᠡᠨ᠎ᠡ︾ ᠭᠡᠵᠦ ᠲᠣᠬᠲᠠᠭᠠᠪᠠ᠃ | | | ᠢᠷᠡᠯᠲᠡ᠄ ᠠᠷᠠᠳ ᠤᠨ ᠰᠦᠯᠵᠢᠶ᠎ᠡ | ᠪᠡᠯᠡᠳᠬᠡᠭᠰᠡᠨ ᠨᠢ᠄ ᠰᠣᠷᠭᠤᠭ | | | | | | | | |