ᠰᠦᠨᠢᠵᠢᠨ ᠠᠵᠢᠯᠯᠠᠬᠰᠠᠨ ᠤ ᠳᠠᠷᠠᠭᠠᠬᠢ ᠨᠢᠳᠦᠨ ᠤ ᠴᠢᠯᠡᠭᠡ ᠶᠢ ᠳᠦᠷᠬᠡᠨ ᠳᠡᠶᠢᠯᠬᠤ ᠤᠷ᠎ᠠ ᠳᠡᠮ
ᠨᠡᠶᠢᠲᠡᠯᠡᠭᠰᠡᠨ ᠴᠠᠭ᠄
2019-09-02
     ᠤᠷᠳᠤ ᠴᠠᠬ ᠢᠶᠠᠷ ᠰᠦᠨᠢᠵᠢᠨ ᠠᠵᠢᠯᠯᠠᠭᠰᠠᠨ ᠤ ᠳᠠᠷᠠᠭ᠎ᠠ᠂ ᠶᠠᠳᠠᠷᠠᠵᠤ ᠳᠦᠢᠯᠳᠠᠬᠰᠠᠨ ᠳᠠᠨ ᠳᠤ ᠨᠢᠳᠦᠨ ᠤ ᠠᠨᠢᠰᠬ᠎ᠠ ᠤᠨᠵᠢᠢᠬᠤ᠂ ᠨᠢᠳᠦᠨ ᠤ ᠤᠬᠤᠷᠬᠠᠢ ᠬᠦᠬᠡᠷᠡᠬᠦ᠂ ᠬᠠᠷᠠᠭ᠎ᠠ ᠪᠦᠷᠦᠬᠡᠯᠵᠡᠬᠦ᠂ ᠬᠠᠷᠠᠴᠠ ᠴᠤᠬ ᠦᠬᠡᠢ ᠪᠠᠶᠢᠳᠠᠯ ᠢᠯᠡᠷᠡᠬᠦ ᠪᠠᠶᠢᠬ᠎ᠠ ᠳ᠋ᠠ᠃ ᠬᠡᠪᠡᠴᠤ ᠳᠡᠮ ᠲᠠᠢ ᠢᠯᠢᠵᠤ ᠰᠢᠪᠳᠤᠷᠬᠤ ᠠᠷᠭ᠎ᠠ ᠤᠳ ᠢ ᠬᠡᠷᠡᠭᠯᠡᠵᠤ ᠴᠢᠳᠡᠪᠠᠰᠤ᠂ ᠳᠠᠨ ᠤ ᠠᠷᠠᠰᠤ ᠪᠤᠯᠴᠢᠩ ᠴᠢᠨᠢ ᠦᠩᠬᠡᠵᠢᠵᠤ᠂ ᠬᠠᠷᠠᠴᠠ ᠬᠠᠷᠠᠭ᠎ᠠ ᠴᠢᠨᠢ ᠬᠡᠷᠡᠯᠳᠦᠵᠤ ᠴᠢᠳᠠᠬᠤ ᠶᠤᠮ᠃ ᠢᠯᠢᠵᠤ ᠰᠢᠪᠳᠤᠷᠬᠤ ᠠᠷᠭ᠎ᠠ ᠳᠡᠮ᠄      ᠬᠤᠶᠠᠷ ᠠᠯᠠᠭ᠎ᠠ ᠪᠠᠨ ᠬᠠᠪᠰᠤᠷᠭᠠᠨ ᠬᠠᠯᠠᠳᠠᠯ᠎ᠠ ᠨᠤᠬᠤᠯᠠᠭᠠᠳ ᠬᠤᠶᠠᠷ ᠨᠢᠳᠦ ᠪᠠᠨ ᠬᠦᠩᠬᠡᠬᠡᠨ ᠳᠠᠷᠤᠪᠠᠰᠤ᠂ ᠨᠠᠮᠳᠠᠬᠤ ᠦᠢᠯᠡᠳᠦᠯ ᠭᠠᠷᠤᠨ᠎ᠠ᠃      ᠴᠢᠮᠠᠷᠬᠠᠢ ᠪᠤᠯᠤᠨ ᠵᠤᠪᠬᠢ ᠪᠠᠨ ᠬᠦᠩᠬᠡᠬᠡᠨ ᠢᠯᠢᠬᠦ ᠨᠢ ᠨᠢᠳᠤᠨ ᠤ ᠬᠡᠰᠡᠭ ᠤᠨ ᠠᠷᠠᠰᠤ ᠪᠤᠯᠴᠢᠩ ᠢ ᠳᠠᠭᠠᠳᠠᠢ ᠪᠤᠯᠭᠠᠵᠤ ᠴᠢᠳᠠᠨ᠎ᠠ᠃      ᠵᠤᠬᠢᠬᠤ ᠬᠡᠮᠵᠢᠶᠡᠨ ᠤ ᠤ ᠶᠢ ᠨᠢᠳᠦᠨ ᠤ ᠪᠠᠨ ᠡᠷᠬᠢᠨ ᠲᠤᠭᠤᠷᠢᠨ ᠳᠤ ᠳᠦᠷᠬᠢᠵᠤ᠂ ᠤ ᠶᠢ ᠠᠷᠠᠰᠤ ᠪᠤᠯᠴᠢᠩ ᠳᠤ ᠰᠢᠩᠬᠡᠳᠠᠯ᠎ᠠ ᠬᠦᠩᠬᠡᠨ ᠢᠯᠢᠵᠤ ᠨᠤᠬᠤᠯᠠᠨ᠎ᠠ      ᠬᠤᠶᠠᠷ ᠠᠯᠠᠭ᠎ᠠ ᠪᠠᠷ ᠢᠶᠠᠨ ᠨᠢᠳᠦᠨ ᠤ ᠳᠡᠬᠡᠷ᠎ᠠ ᠳᠠᠯ᠎ᠠ ᠠᠴᠠ ᠡᠬᠢᠯᠡᠨ ᠠᠨᠢᠰᠬ᠎ᠠ ᠲᠠᠢ ᠳᠠᠭᠠᠭᠤᠯᠤᠨ ᠵᠤᠪᠬᠢ ᠶᠢ ᠳᠠᠮᠵᠢᠨ ᠴᠢᠮᠠᠷᠬᠠᠢ ᠬᠦᠷᠳᠡᠯ᠎ᠠ ᠢᠯᠢᠵᠤ ᠰᠢᠪᠳᠤᠷᠤᠨ᠎ᠠ᠃      ᠳᠤᠤᠷ᠎ᠠ ᠳᠠᠯ᠎ᠠ ᠶᠢᠨ ᠠᠨᠢᠰᠬ᠎ᠠ ᠪᠠᠨ ᠴᠤ ᠠᠳᠠᠯᠢ ᠠᠷᠭ᠎ᠠ ᠪᠠᠷ ᠠᠬᠢᠨ ᠳᠠᠬᠢᠨ ᠠᠷᠪᠠ ᠠᠴᠠ ᠤᠳᠠᠭ᠎ᠠ ᠢᠯᠢᠵᠤ ᠰᠢᠪᠳᠤᠷᠤᠨ᠎ᠠ᠃      ᠠᠩᠬᠠᠷᠤᠭᠤᠰᠢᠳᠠᠢ ᠵᠦᠢᠯ᠄      ᠴᠢᠮᠠᠷᠬᠠᠢ ᠪᠤᠯᠤᠨ ᠨᠢᠳᠦᠨ ᠤ ᠳᠡᠬᠡᠷ᠎ᠠ ᠳᠠᠯ᠎ᠠ ᠪᠠᠨ ᠢᠯᠢᠵᠤ ᠰᠢᠪᠳᠤᠷᠬᠤ ᠳᠠᠭᠠᠨ ᠬᠦᠩᠬᠡᠬᠡᠨ ᠪᠠᠶᠢᠬᠤ ᠶᠢ ᠠᠩᠬᠠᠷᠬᠤ ᠬᠡᠷᠡᠭᠳᠡᠢ᠂ ᠳᠡᠩᠳᠡᠬᠦᠦ ᠬᠦᠴᠦᠯᠡᠵᠤ ᠪᠤᠯᠬᠤ ᠦᠬᠡᠢ᠃      ᠨᠢᠳᠦᠨ ᠤ ᠪᠠᠨ ᠡᠷᠬᠢᠨ ᠳᠤᠭᠤᠷᠢᠨ ᠳᠤ ᠦᠷᠬᠦᠯᠵᠢ ᠵᠤᠯᠤᠮ᠎ᠠ ᠳᠠᠯᠪᠢᠵᠤ ᠪᠠᠶᠢᠭᠠᠳ᠂ ᠡᠷᠬᠢᠨ ᠳᠤᠭᠤᠷᠢᠨ ᠤ ᠠᠷᠠᠰᠤ ᠪᠤᠯᠴᠢᠩ ᠳᠤᠨᠢ ᠦᠷᠬᠦᠯᠵᠢ ᠤᠰᠤ ᠨᠦᠬᠦᠪᠦᠷᠢᠯᠡᠬᠦ ᠬᠡᠷᠡᠭᠳᠡᠢ᠃      ᠳᠡᠩᠳᠡᠬᠦᠦ ᠳᠤᠰᠤᠷᠬᠠᠬ ᠤ ᠶᠢ ᠬᠡᠷᠡᠭᠯᠡᠭᠰᠡᠨ ᠤ ᠬᠡᠷᠡᠭ ᠠᠯᠠᠭ᠎ᠠ᠃ ᠳᠡᠩᠳᠡᠬᠦᠦ ᠳᠤᠰᠤᠷᠬᠠᠬ ᠤ ᠨᠢ ᠠᠷᠠᠰᠤ ᠪᠤᠯᠴᠢᠩ ᠤᠨ ᠳᠠᠷᠤᠭᠠᠰᠤ ᠶᠢ ᠬᠦᠨᠳᠤᠷᠠᠬᠦᠯᠵᠤ᠂ ᠠᠮᠠᠷᠬᠠᠨ ᠦᠬᠡᠬᠦᠨ ᠮᠦᠬᠦᠯᠢᠭ ᠤᠳ ᠢ ᠪᠦᠷᠢᠯᠳᠦᠬᠦᠯᠬᠦ ᠪᠤᠯᠤᠨ᠎ᠠ᠃               ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ               ᠪᠡᠯᠡᠳᠬᠡᠭᠰᠡᠨ ᠨᠢ᠄ ᠰᠣᠷᠭᠤᠭ
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3