ᠴᠢᠮᠦᠬᠡᠨ ᠲᠤᠰᠤᠨ ᠤ ᠡᠮᠴᠢᠯᠡᠬᠡᠨ ᠤ ᠠᠴᠢ ᠲᠤᠰᠠ
ᠨᠡᠶᠢᠲᠡᠯᠡᠭᠰᠡᠨ ᠴᠠᠭ᠄
2019-08-26
     ᠡᠷᠳᠡ ᠲᠡᠭᠡᠷ᠎ᠠ ᠦᠶ᠎ᠠ ᠠᠴᠠ ᠮᠤᠩᠭᠤᠯᠴᠤᠳ ᠬᠤᠨᠢ ᠦᠬᠡᠷ ᠤᠨ ᠴᠢᠮᠦᠬᠡᠨ ᠲᠤᠰᠤ ᠶᠢ ᠤᠯᠠᠨ ᠠᠷᠭ᠎ᠠ ᠪᠠᠷ ᠢᠯᠭᠠᠷᠠᠭᠤᠯᠤᠨ ᠭᠠᠷᠭᠠᠵᠦ ᠬᠡᠢ ᠶᠠᠳᠠᠷᠠᠭ᠎ᠠ᠂ ᠠᠯᠵᠢᠶᠠᠯ ᠲᠠᠶᠢᠯᠬᠤ᠂ ᠲᠠᠷᠬᠠᠯᠠᠭ᠎ᠠ ᠰᠡᠷᠬᠦᠬᠡᠬᠦ ᠵᠤᠷᠢᠯᠭ᠎ᠠ ᠪᠠᠷ ᠬᠡᠷᠡᠭᠯᠡᠳᠡᠭ ᠪᠠᠶᠢᠬᠰᠠᠨ ᠶᠤᠮ᠃ ᠤᠳᠤ ᠴᠤ ᠬᠡᠰᠡᠨ ᠵᠠᠷᠢᠮ ᠨᠠᠰᠤᠳᠠᠶᠢᠴᠤᠳ ᠴᠢᠮᠦᠬᠡᠨ ᠶᠠᠰᠤ ᠪᠠᠨ ᠴᠡᠢ ᠳᠠᠭᠠᠨ ᠴᠢᠨᠠᠵᠦ ᠤᠤᠭᠤᠵᠦ ᠪᠤᠢ᠃ ︽ᠠᠨᠠᠭᠠᠬᠤ ᠤᠬᠠᠭᠠᠨ ᠤ ᠲᠦᠷᠪᠡᠨ ᠶᠡᠷᠦᠨᠳᠡᠭ ᠤᠨ ᠬᠤᠷᠢᠶᠠᠩᠭᠤᠢ︾᠎ ᠳᠤ᠂ ᠦᠬᠡᠷ ᠬᠤᠨᠢᠨ ᠤ ᠴᠢᠮᠦᠬᠡ ᠨᠢ ᠠᠮᠳᠠᠯᠢᠭ᠂ ᠪᠦᠯᠢᠶᠠᠨ ᠴᠢᠨᠠᠷ ᠲᠠᠢ ᠪᠠᠶᠢᠵᠦ᠂ ᠪᠦᠬᠡᠷ᠎ᠠ ᠶᠢ ᠲᠦᠯᠵᠢᠬᠦᠯᠵᠦ᠂ ᠴᠢᠮᠦᠬᠡ ᠶᠢ ᠨᠦᠬᠦᠨ᠎ᠠ ᠬᠡᠵᠦ ᠲᠡᠮᠳᠡᠭᠯᠡᠵᠦ ᠪᠠᠶᠢᠭ᠎ᠠ ᠶᠤᠮ᠃ ᠰᠢᠯᠢ ᠶᠢᠨ ᠭᠤᠤᠯ ᠤᠨ ᠮᠤᠩᠭᠤᠯ ᠡᠮᠨᠡᠯᠬᠡ ᠶᠢᠨ ᠬᠤᠷᠢᠶᠠᠨ ᠤ ᠡᠮᠴᠢ ᠮᠦ ᠯᠠᠨ᠄ ︽ᠴᠢᠮᠦᠬᠡᠨ ᠲᠤᠰᠤᠨ ᠳᠤ ᠮᠤᠩᠭᠤᠯ ᠬᠦᠮᠥᠨ ᠤ ᠪᠡᠶ᠎ᠠ ᠮᠠᠬᠠᠪᠤᠳ ᠲᠤ ᠲᠤᠬᠢᠷᠠᠬᠤ ᠺᠠᠯᠼ᠂ ᠲᠡᠮᠤᠷ᠂ ᠡᠷᠦᠳᠠᠰᠤ ᠪᠤᠳᠠᠰ᠂ ᠰᠢᠮ᠎ᠠ ᠲᠡᠵᠢᠬᠡᠯ ᠶᠡᠭᠡ ᠬᠡᠮᠵᠢᠶ᠎ᠠ ᠪᠠᠷ ᠠᠭᠤᠯᠵᠦ ᠪᠠᠶᠢᠳᠠᠭ ᠢ ᠡᠷᠳᠡᠮᠳᠡᠳ ᠨᠢᠬᠡᠨᠳᠠ ᠨᠤᠳᠠᠯᠠᠬᠰᠠᠨ ᠶᠤᠮ᠃ ᠮᠤᠩᠭᠤᠯᠴᠤᠳ ᠮᠠᠯ ᠤᠨ ᠲᠠᠷᠭᠤ ᠬᠦᠴᠦ ᠰᠠᠶᠢᠨ᠂ ᠲᠦᠬᠦᠷᠠᠩ ᠴᠢᠮᠦᠬᠡ ᠲᠠᠢ ᠦᠶ᠎ᠠ ᠶᠢᠨ ᠴᠢᠮᠦᠬᠡ ᠶᠢ ᠬᠤᠭᠤᠯᠤᠨ ᠵᠦᠬᠡᠯᠡᠨ ᠭᠠᠯ ᠲᠡᠭᠡᠷ᠎ᠠ ᠤᠳᠠᠭᠠᠨ ᠴᠢᠨᠠᠵᠦ᠂ ᠴᠢᠮᠦᠬᠡᠨ ᠲᠤᠰᠤ ᠶᠢ ᠨᠢ ᠢᠯᠭᠠᠷᠠᠭᠤᠯᠤᠨ ᠠᠪᠳᠠᠭ᠃ ᠪᠠᠰᠠ ᠬᠤᠨᠢᠨ ᠤ ᠴᠢᠮᠦᠬᠡ ᠶᠢ ᠬᠤᠭᠤᠯᠵᠦ ᠴᠠᠢ ᠳᠠᠭᠠᠨ ᠬᠢᠵᠦ ᠪᠤᠴᠠᠯᠭᠠᠵᠦ ᠪᠤᠯᠤᠨ᠎ᠠ᠃ ᠡᠶᠢᠮᠤ ᠴᠡᠢ ᠶᠢ ᠶᠠᠳᠠᠷᠠᠭ᠎ᠠ ᠲᠠᠶᠢᠯᠬᠤ ᠴᠠᠢ ᠬᠡᠳᠡᠭ᠃ ᠪᠦᠬᠡᠷᠡᠨ ᠤ ᠬᠦᠢᠳᠡᠨ ᠬᠡᠢ᠂ ᠬᠦᠷᠦᠩᠬᠡ ᠪᠠᠷᠠᠬᠳᠠᠬᠰᠠᠨ᠂ ᠨᠠᠰᠤᠳᠠᠶᠢᠴᠤᠳ ᠤᠨ ᠶᠠᠰᠤ ᠰᠠᠶᠢᠷᠡᠭᠵᠢᠭᠰᠡᠨ᠂ ᠰᠢᠮ᠎ᠠ ᠲᠡᠵᠢᠬᠡᠯ ᠲᠤᠳᠠᠬᠳᠠᠬᠰᠠᠳ᠂ ᠲᠠᠮᠢᠷ ᠲᠡᠩᠬᠡᠬᠡ ᠲᠤᠷᠤᠢ᠂ ᠦᠶ᠎ᠠ ᠬᠡᠰᠢᠬᠦᠦ ᠶᠢᠨ ᠠᠷᠬᠠᠭ᠂ ᠨᠦᠢᠷ ᠬᠤᠯᠵᠢᠬᠤ ᠵᠡᠷᠬᠡ ᠭᠠᠳᠠᠷ ᠲᠤᠳᠤᠷ ᠬᠡᠢ ᠡᠪᠡᠳᠴᠢᠨ ᠪᠤᠯᠭᠠᠨ ᠳᠤ ᠲᠤᠰᠠᠯᠠᠨ᠎ᠠ᠃ ᠮᠦᠨ ᠴᠤ ᠡᠮᠡᠭᠳᠡᠶᠢᠴᠤᠳ ᠤᠨ ᠵᠢᠰᠤ ᠴᠢᠷᠡᠢ ᠶᠢ ᠭᠤᠸᠠᠯᠢᠬᠵᠢᠭᠤᠯᠬᠤ ᠮᠠᠰᠢ ᠰᠠᠶᠢᠨ ᠦᠢᠯᠡᠳᠦᠯ ᠲᠠᠢ︾ ᠬᠡᠪᠡ᠃      ᠴᠢᠮᠦᠬᠡᠨ ᠲᠤᠰᠤ ᠶᠢ ᠢᠯᠭᠠᠷᠠᠭᠤᠯᠵᠦ ᠠᠪᠬᠤ ᠳᠤ ᠬᠡᠳᠤ ᠶᠡᠭᠡ ᠮᠢᠬ᠎ᠠ ᠲᠠᠢ ᠨᠢ ᠴᠢᠨᠠᠪᠠᠯ ᠴᠢᠮᠦᠬᠡᠨ ᠤ ᠵᠢᠩᠬᠢᠨᠢ ᠡᠷᠦᠳᠡᠰᠤ ᠪᠤᠳᠠᠰ ᠮᠢᠬᠠᠨ ᠤ ᠴᠢᠨᠠᠷ ᠲᠤ ᠲᠠᠷᠤᠬᠳᠠᠳᠠᠭ᠃ ᠡᠶᠢᠮᠤ ᠠᠴᠠ ᠰᠤᠩᠭᠤᠬᠰᠠᠨ ᠴᠢᠮᠦᠬᠡᠨ ᠶᠠᠰᠤ ᠪᠠᠨ ᠰᠠᠶᠢᠳᠤᠷ ᠱᠤᠯᠤᠭᠠᠳ ᠵᠦᠬᠡᠯᠡᠨ ᠭᠠᠯ ᠲᠡᠭᠡᠷ᠎ᠠ 5᠎ ᠠᠴᠠ 10 ᠴᠠᠭ ᠴᠢᠨᠠᠵᠦ᠂ ᠱᠦᠯᠥᠨ ᠲᠡᠭᠡᠷ᠎ᠠ ᠬᠦᠪᠪᠦᠭᠰᠡᠨ ᠲᠤᠰᠤ ᠶᠢ ᠨᠢ ᠬᠠᠮᠤᠵᠦ ᠠᠪᠤᠨ᠎ᠠ᠃ ᠢᠡᠭᠬᠢᠵᠦ ᠢᠯᠭᠠᠷᠠᠭᠤᠯᠵᠦ ᠠᠪᠤᠬᠰᠠᠨ ᠴᠢᠮᠦᠬᠡᠨ ᠲᠤᠰᠤ ᠪᠠᠨ ᠬᠦᠯᠳᠡᠬᠡᠵᠦ᠂ ᠡᠳᠦᠷ ᠲᠤᠳᠤᠮ ᠤᠨ ᠬᠤᠭᠤᠯᠠ ᠴᠡᠢ ᠳᠠᠭᠠᠨ ᠬᠢᠬᠦ ᠪᠤᠶᠤ ᠭᠤᠯᠢᠷ ᠵᠢᠭᠤᠷᠠᠵᠦ ᠢᠳᠡᠬᠦ ᠳᠤ ᠮᠠᠰᠢ ᠰᠢᠮ᠎ᠠ ᠲᠠᠢ ᠪᠠᠶᠢᠳᠠᠭ᠃ ᠲᠠᠷᠠᠴᠢᠯᠠᠨ ᠨᠢᠷᠡᠢ ᠬᠡᠤᠬᠡᠳ ᠤᠨ ᠬᠤᠭᠤᠯᠠ ᠪᠤᠶᠤ ᠪᠡᠶ᠎ᠠ ᠶᠢ ᠨᠢ ᠤᠬᠢᠶᠠᠬᠤ ᠳᠤ ᠪᠠᠭ᠎ᠠ ᠬᠡᠰᠡᠭ ᠬᠢᠵᠦ ᠬᠡᠷᠡᠭᠯᠡᠪᠡᠯ ᠬᠠᠨᠢᠶᠠᠳᠤ ᠬᠠᠳᠬᠤᠭ᠎ᠠ ᠲᠤᠰᠬᠤ ᠦᠬᠡᠢ᠂ ᠲᠠᠷᠬᠠᠯᠠᠭ᠎ᠠ ᠶᠢ ᠰᠠᠶᠢᠵᠢᠷᠠᠭᠤᠯᠳᠠᠭ ᠬᠡᠵᠦ ᠨᠠᠰᠤᠳᠠᠶᠢᠴᠤᠳ ᠶᠠᠷᠢᠳᠠᠭ᠃      ᠮᠤᠩᠭᠤᠯ ᠠᠨᠠᠭᠠᠬᠤ ᠤᠬᠠᠭᠠᠨ ᠤ ᠦᠨᠳᠦᠰᠦᠨ ᠤᠨᠤᠯ ᠳᠤ ᠴᠢᠮᠦᠬᠡ ᠪᠤᠯ ᠲᠤᠩᠭᠠᠯᠠᠭ ᠴᠦᠪ ᠤᠨ ᠢᠯᠭᠠᠷᠠᠭᠤᠯᠤᠯᠳᠠ ᠶᠢᠨ ᠵᠢᠷᠭᠤᠳᠤᠭᠠᠷ ᠲᠠᠮᠢᠷ ᠪᠠᠶᠢᠵᠦ᠂ ᠶᠠᠰᠤᠨ ᠠᠴᠠ ᠲᠦᠯᠵᠢᠵᠦ ᠲᠤᠰᠤᠯ ᠢ ᠲᠦᠯᠵᠢᠬᠦᠯᠦᠨ᠎ᠠ᠃ ᠲᠤᠰᠤᠯ ᠨᠢ ᠤᠬᠢ ᠰᠢᠮ᠎ᠠ ᠶᠢ ᠲᠦᠯᠵᠢᠬᠦᠯᠵᠦ᠂ ᠵᠢᠷᠤᠬᠡᠨ ᠳᠤ ᠬᠦᠶᠦᠬᠦ᠂ ᠦᠡᠭᠬᠡᠵᠢᠯ ᠤᠨ ᠲᠠᠮᠢᠷ ᠪᠤᠯᠤᠨ᠎ᠠ᠃ ᠬᠦᠮᠥᠨ ᠤ ᠴᠤᠭ ᠵᠢᠪᠬᠤᠭ᠎ᠠ ᠬᠡᠶᠢᠮᠦᠷᠢ ᠰᠦᠯᠳᠠ ᠦᠡᠭᠬᠡᠵᠢᠯ ᠤᠨ ᠲᠠᠮᠢᠷ ᠠᠴᠠ ᠢᠷᠠᠨ᠎ᠠ ᠬᠡᠵᠦ ᠪᠤᠢ᠃ ᠴᠢᠮᠦᠬᠡᠨ ᠲᠤᠰᠤ ᠨᠢ ᠬᠦᠮᠥᠨ ᠤ ᠬᠡᠢ ᠶᠠᠳᠠᠷᠠᠭ᠎ᠠ ᠶᠢ ᠲᠠᠶᠢᠯᠵᠦ᠂ ᠲᠠᠮᠢᠷ ᠲᠡᠩᠬᠡᠬᠡ ᠤᠷᠤᠭᠤᠯᠬᠤ ᠠᠴᠠ ᠭᠠᠳᠠᠨ᠎ᠠ ᠦᠶ᠎ᠠ ᠮᠦᠴᠢ ᠂ ᠬᠠᠭᠤᠴᠢᠨ ᠡᠪᠡᠳᠴᠢᠨ ᠢ ᠠᠨᠠᠭᠠᠬᠤ᠂ ᠬᠠᠨᠢᠶᠠᠳᠤ ᠲᠤᠮᠤᠭᠤ ᠶᠢ ᠲᠠᠷᠤᠵᠦ᠂ ᠡᠷᠴᠢ ᠬᠦᠴᠦ ᠪᠠᠷ ᠲᠡᠳᠬᠦᠳᠡᠭ ᠭᠠᠶᠢᠬᠠᠯᠳᠡᠢ ᠠᠴᠢ ᠲᠤᠰᠠ ᠲᠠᠢ ᠪᠠᠶᠢᠳᠠᠭ᠃      ᠬᠡᠪᠡᠴᠤ ᠴᠢᠮᠦᠬᠡᠨ ᠲᠤᠰᠤ ᠶᠢ ᠬᠡᠷᠡᠭᠯᠡᠬᠦ ᠳᠤ ᠵᠠᠷᠢᠮ ᠬᠦᠮᠦᠰ ᠠᠩᠬᠠᠷᠬᠤ ᠬᠡᠷᠡᠭᠳᠡᠢ᠃ ᠴᠢᠮᠦᠬᠡᠨ ᠲᠤᠰᠤ ᠶᠢ ᠡᠮ ᠤᠨ ᠬᠦᠯᠬᠡ ᠪᠤᠯᠭᠠᠵᠦ ᠢᠳᠡᠬᠦ ᠪᠤᠶᠤ ᠡ᠊ᠡᠭ ᠤᠨ ᠮᠤᠩᠭᠤᠯ ᠢᠳᠡᠬᠡᠨ ᠤᠮᠳᠠᠭᠠᠨ ᠲᠤᠮᠳᠠ ᠪᠠᠶᠢᠡᠭᠭᠤ ᠬᠡᠷᠡᠭᠯᠡᠵᠦ ᠪᠤᠯᠤᠨ᠎ᠠ᠃ ᠬᠡᠪᠡᠴᠤ ᠵᠠᠯᠠᠭᠤ ᠢᠳᠡᠷᠴᠤᠳ ᠪᠤᠶᠤ ᠴᠢᠰᠦᠨ ᠬᠠᠯᠠᠭᠤᠨ ᠲᠠᠶᠢᠯᠦᠩᠬᠦᠢ ᠬᠦᠮᠦᠰ᠂ ᠨᠢᠶᠠᠨ ᠬᠢᠵᠢᠭ ᠲᠤ ᠨᠡᠷᠪᠡᠭᠳᠡᠭᠰᠡᠳ᠂ ᠬᠠᠯᠠᠭᠤᠷᠠᠵᠦ ᠪᠠᠶᠢᠭ᠎ᠠ ᠡᠪᠡᠳᠴᠢᠳᠠᠨ᠂ ᠰᠢᠩᠬᠡᠬᠡᠯᠳᠠ ᠲᠤᠷᠦ᠋ᠢᠳᠠᠬᠰᠠᠳ ᠦᠷᠬᠦᠯᠵᠢ ᠶᠢᠨ ᠴᠢᠨᠠᠷᠳᠡᠢ ᠢᠳᠡᠬᠦ ᠶᠢ ᠴᠡᠬᠡᠷᠯᠡᠬᠦ ᠬᠡᠷᠡᠭᠳᠡᠢ᠃                                                  ᠢᠷᠡᠯᠲᠡ᠄ ᠤᠷᠳᠤᠰ ᠮᠤᠩᠭᠤᠯ ᠰᠦᠯᠵᠢᠶ᠎ᠠ                                                  ᠪᠡᠯᠡᠳᠬᠡᠭᠰᠡᠨ ᠨᠢ᠄ ᠰᠣᠷᠭᠤᠭ
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3