ᠰᠢᠩ ᠾᠧ ᠰᠢᠶᠠᠨ ᠤ ᠰᠤᠮᠤᠨ ᠠᠭᠤᠯᠠ ᠣᠢ ᠰᠢᠭᠤᠢ ᠶᠢᠨ ᠬᠦᠷᠢᠶᠡᠯᠡᠩ
ᠨᠡᠶᠢᠲᠡᠯᠡᠭᠰᠡᠨ ᠴᠠᠭ᠄
2019-07-19
                    ᠰᠤᠮᠤᠨ ᠠᠭᠤᠯᠠ ᠣᠢ ᠰᠢᠭᠤᠢ ᠶᠢᠨ ᠬᠦᠷᠢᠶᠡᠯᠡᠩ
       ᠰᠢᠩ ᠾᠧ ᠰᠢᠶᠠᠨ ᠤ ᠰᠤᠮᠤᠨ ᠠᠭᠤᠯᠠ ᠣᠢ ᠰᠢᠭᠤᠢ ᠶᠢᠨ ᠬᠦᠷᠢᠶᠡᠯᠡᠩ ᠨᠢ ᠰᠢᠩ ᠾᠧ ᠰᠢᠶᠠᠨ ᠤ ᠬᠤᠲᠠ ᠶᠢᠨ ᠲᠣᠭᠤᠷᠢᠭ ᠠᠴᠠ ᠡᠮᠦᠨᠡᠰᠢ 45 ᠺᠢᠯᠤᠮᠧᠲᠷ ᠵᠠᠶᠢᠲᠠᠢ ᠪᠠᠶᠢᠳᠠᠭ᠃ ᠡᠮᠦᠨ᠎ᠡ ᠪᠠᠨ ᠱᠠᠨ ᠰᠢ ᠮᠤᠵᠢ ᠶᠢᠨ ᠶᠠᠩ ᠭᠤᠣ᠂ ᠲᠢᠶᠠᠨ ᠵᠧᠨ ᠰᠢᠶᠠᠨ ᠲᠠᠢ ᠵᠠᠭᠠᠭᠯᠠᠵᠤ᠂ ᠪᠠᠷᠠᠭᠤᠨᠰᠢ ᠪᠠᠨ ᠹᠧᠩᠵᠧᠨ ᠬᠤᠲᠠ ᠲᠠᠢ ᠬᠦᠷᠰᠢᠯᠡᠵᠦ᠂ ᠾᠧᠪᠧᠢ ᠮᠤᠵᠢ᠂ ᠱᠠᠨ ᠰᠢ ᠮᠤᠵᠢ᠂ ᠥᠪᠥᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠵᠠᠭᠠᠭ ᠶᠤᠮ᠃ ᠣᠶᠢᠲᠤ ᠣᠷᠣᠨ ᠨᠢ ᠳᠤᠮᠳᠠᠴᠢ ᠳᠠᠯᠠᠢ ᠶᠢᠨ ᠲᠦᠪᠰᠢᠨ ᠠᠴᠠ ᠳᠡᠭᠡᠭᠰᠢ 2000 ᠮᠧᠲᠷ ᠦᠨᠳᠦᠷ᠂ ᠬᠠᠮᠤᠭ ᠦᠨᠳᠦᠷ ᠣᠷᠭᠢᠯ ᠬᠤᠸᠠᠩ ᠱᠢ ᠶᠠ ᠨᠢ 2334.7 ᠮᠧᠲᠷ᠂ ᠤᠯᠠᠭᠠᠨᠴᠠᠪ ᠬᠤᠲᠠ ᠶᠢᠨ ᠬᠢᠯᠢ ᠶᠢᠨ ᠲᠣᠲᠤᠷᠠᠬᠢ ᠬᠠᠮᠤᠭ ᠦᠨᠳᠦᠷ ᠴᠡᠭ ᠪᠤᠯᠤᠨ᠎ᠠ᠃ ᠰᠤᠮᠤᠨ ᠠᠭᠤᠯᠠ ᠶᠢᠨ ᠵᠡᠬᠦᠨᠰᠢ ᠪᠠᠷᠠᠭᠤᠨᠰᠢ ᠬᠠᠮᠤᠭ ᠤᠷᠲᠤ ᠭᠠᠵᠠᠷ ᠨᠢ 40 ᠺᠢᠯᠤᠮᠧᠳ᠋ᠷ᠂ ᠡᠮᠦᠨᠡᠰᠢ ᠤᠮᠠᠷᠠᠰᠢ ᠬᠠᠮᠤᠭ ᠦᠷᠭᠡᠨ ᠭᠠᠵᠠᠷ ᠨᠢ 12.5 ᠺᠢᠯᠤᠮᠧᠳ᠋ᠷ᠂ ᠪᠦᠬᠦ ᠲᠠᠯᠠᠪᠠᠢ ᠨᠢ 32 ᠲᠦᠮᠡᠨ ᠮᠦ ᠪᠠᠶᠢᠳᠠᠭ᠃
     ᠰᠢᠩ ᠾᠧ ᠰᠢᠶᠠᠨ ᠤ ᠰᠤᠮᠤᠨ ᠠᠭᠤᠯᠠ ᠣᠢ ᠰᠢᠭᠤᠢ ᠶᠢᠨ ᠬᠦᠷᠢᠶᠡᠯᠡᠩ ᠨᠢ 1960 ᠣᠨ ᠳᠤ ᠪᠠᠶᠢᠭᠤᠯᠣᠭᠳᠠᠵᠤ᠂ 1964 ᠣᠨ ᠳᠤ ᠤᠮᠠᠷᠠᠲᠤ ᠣᠷᠣᠨ ᠤ ᠬᠠᠷᠭᠠᠢ ᠮᠣᠲᠤ ᠶᠢ ᠲᠠᠷᠢᠨ ᠣᠷᠣᠭᠤᠯᠵᠣ᠂ ᠣᠲᠣ ᠪᠣᠯᠲᠠᠯ᠎ᠠ ᠤᠮᠠᠷᠠᠲᠤ ᠣᠷᠣᠨ ᠤ ᠬᠠᠷᠭᠠᠢ ᠮᠣᠲᠤ ᠶᠢᠨ ᠬᠦᠮᠦᠨ ᠤ ᠬᠦᠴᠦᠨ ᠤ ᠣᠢ 12 ᠲᠦᠮᠡᠨ ᠮᠦ ᠪᠠᠶᠢᠵᠦ᠂ ᠪᠠᠶᠢᠭᠠᠯᠢ ᠶᠢᠨ ᠬᠤᠶᠠᠳᠠᠭᠴᠢ ᠣᠢ ᠪᠣᠯᠣᠨ ᠪᠤᠲᠠ 9.8 ᠲᠦᠮᠡᠨ ᠮᠦ᠂ ᠣᠢ ᠰᠢᠭᠤᠢ ᠶᠢᠨ ᠪᠦᠷᠬᠦᠯᠲᠡ 68.1% ᠬᠦᠷᠴᠠᠢ᠃ ᠠᠮᠢᠳᠤ ᠤᠮᠠᠷᠠᠲᠤ ᠣᠷᠣᠨ ᠤ ᠬᠠᠷᠭᠠᠢ ᠮᠣᠳᠤᠨ ᠤ ᠬᠠᠳᠠᠭᠠᠯᠠᠭᠳᠠᠴᠠ ᠶᠢᠨ ᠬᠡᠮᠵᠢᠶ᠎ᠡ 50 ᠲᠦᠮᠡᠨ ᠲᠡᠭᠰᠢ ᠲᠦᠷᠪᠡᠯᠵᠢᠨ ᠮᠧᠳ᠋ᠷ ᠬᠦᠷᠴᠦ᠂ ᠰᠢᠭᠤᠤᠳ ᠠᠵᠤ ᠠᠬᠤᠢ ᠶᠢᠨ ᠦᠷᠲᠡᠭ ᠨᠢ ᠬᠤᠶᠠᠷ ᠳ᠋ᠦᠩᠰᠢᠭᠤᠷ ᠲᠦᠭᠦᠷᠢᠭ ᠢ ᠳᠠᠪᠠᠵᠠᠢ᠃ ᠣᠯᠣᠰ ᠤᠨ ᠪᠡᠯᠡ ᠣᠷᠣᠭᠤᠯᠣᠯᠲᠠ ᠶᠢᠨ 20 ᠳᠠᠬᠢᠨ ᠲᠠᠢ ᠲᠡᠩᠴᠡᠨ᠎ᠡ᠃  
     ᠰᠣᠮᠣᠨ ᠠᠭᠤᠯᠠ ᠣᠢ ᠰᠢᠭᠤᠶ ᠶᠢᠨ ᠬᠦᠷᠢᠶᠡᠯᠡᠩ ᠨᠢ ᠪᠠᠷᠲᠠᠭᠠᠲᠤ ᠠᠭᠤᠯᠠ᠂ ᠢᠭᠴᠤ ᠰᠠᠬᠤᠯᠢᠭ ᠣᠢ ᠰᠢᠭᠤᠶ᠂ ᠬᠤᠸᠠᠷ ᠴᠡᠴᠡᠭ ᠵᠢᠴᠢ ᠥᠨᠢᠷ ᠥᠳᠬᠡᠨ ᠦᠨᠳᠦᠰᠦᠲᠡᠨ ᠤ ᠵᠠᠩ ᠠᠭᠠᠯᠢ ᠢᠶᠠᠷ ᠢᠶᠠᠨ ᠨᠠᠩ ᠣᠯᠠᠨ ᠵᠤᠭᠠᠴᠠᠭᠰᠠᠳ ᠤᠨ ᠪᠠᠭ᠋ᠠᠷᠣᠯ ᠢ ᠲᠠᠲᠠᠵᠤ᠂ ᠦᠵᠡᠭᠰᠡᠨ ᠪᠦᠬᠦᠨ ᠨᠢ ᠲᠡᠭᠦᠨ ᠤ ᠭᠤᠴᠣ ᠰᠠᠶᠢᠬᠠᠨ ᠳᠤ ᠰᠣᠭᠳᠣᠭᠤᠷᠣᠨ᠎ᠠ᠃ ᠮᠣᠭᠠᠢ ᠬᠡᠯᠪᠡᠷᠢᠲᠦ ᠠᠭᠤᠯᠠᠨ ᠵᠠᠮ ᠢᠶᠠᠷ ᠠᠪᠠᠷᠢᠨ ᠭᠠᠷᠬᠤ ᠳᠤ᠂ ᠬᠥᠮᠦᠨ ᠢ ᠰᠣᠭᠲᠣᠷᠠᠭᠤᠯᠤᠮ᠎ᠠ ᠬᠠᠮᠤᠭ ᠥᠨᠳᠥᠷ ᠦᠵᠡᠮᠵᠢ ᠶᠢᠨ ᠴᠡᠭ — ᠸᠠᠩ ᠲᠢᠶᠠᠨ ᠶᠠ ᠪᠤᠯᠤᠨ᠎ᠠ᠃ ᠳᠥᠷᠪᠡᠨ ᠵᠦᠭ ᠢ ᠪᠠᠷᠠᠯᠠᠬᠤᠶ᠎ᠠ᠂ ᠠᠭᠤᠯᠠᠰ ᠬᠥᠬᠡᠷᠡᠨ ᠨᠣᠭᠤᠭᠠᠷᠠᠵᠤ᠂ ᠮᠠᠨᠠ ᠬᠦᠳᠡᠩ ᠪᠦᠷᠬᠦᠵᠦ᠂  ᠶᠠᠭ ᠯᠠ ᠨᠢᠭᠡᠨ ᠰᠠᠶᠢᠬᠠᠨ ᠬᠠᠨ᠎ᠠ ᠶᠢᠨ ᠵᠢᠷᠤᠭ ᠲᠩᠷᠢ ᠶᠢᠨ ᠬᠠᠶᠠᠭᠠᠨ ᠳᠤ ᠡᠯᠭᠦᠭᠳᠡᠵᠦ ᠪᠠᠶᠢᠬᠤ ᠰᠢᠭ᠋ ᠬᠠᠷᠠᠭᠳᠠᠳᠠᠭ᠃ ᠬᠦᠷᠢᠶᠡᠯᠡᠩ ᠨᠢ ᠪᠠᠢᠭᠠᠯᠢᠯᠢᠭ ᠬᠦᠴᠢᠯᠲᠥᠷᠥᠭᠴᠢ ᠶᠢᠨ ᠪᠠᠭᠠᠷ ᠰᠢᠭ᠋᠂ ᠵᠥᠭᠡᠯᠡᠨ ᠰᠠᠯᠬᠢᠨ ᠳᠤ ᠴᠡᠴᠡᠭ ᠤᠨ ᠦᠨᠦᠷ ᠬᠠᠩᠬᠤᠯᠠᠵᠣ᠂ ᠪᠤᠯᠠᠭ ᠤᠨ ᠤᠰᠤ ᠳ᠋ᠢᠩ ᠳ᠋ᠦᠩ ᠳᠤᠤᠭᠠᠷᠴᠤ᠂ ᠬᠦᠮᠦᠰ ᠢ ᠠᠷᠰᠢ ᠶᠢᠨ ᠣᠷᠴᠢᠨ ᠳᠤ ᠣᠷᠣᠭᠤᠯᠵᠤ᠂ ᠰᠡᠳᠬᠢᠯ ᠰᠠᠨᠠᠭ᠎ᠠ ᠶᠢ ᠨᠢ ᠠᠭᠤᠵᠢᠷᠠᠭᠤᠯᠵᠣ᠂ ᠬᠥᠮᠦᠨ ᠤ ᠶᠢᠷᠲᠢᠨᠴᠦ ᠶᠢᠨ ᠠᠯᠢᠪᠠ ᠤᠶᠢᠳᠬᠠᠷ ᠭᠤᠨᠢᠭ ᠢ ᠣᠷᠣ ᠮᠥᠷ ᠦᠭᠡᠢ ᠠᠷᠢᠯᠭᠠᠳᠠᠭ᠃  
   
 
ᠢᠷᠡᠯᠲᠡ᠄ ᠰᠢᠩ ᠾᠧ ᠰᠢᠶᠠᠨ ᠤ ᠵᠠᠰᠠᠭ ᠤᠨ ᠣᠷᠳᠣᠨ ᠤ ᠬᠢᠲᠠᠳ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3