ᠰᠢᠩ ᠾᠧ ᠰᠢᠶᠠᠨ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠳᠣᠮᠳᠠ ᠡᠮᠦᠨ᠎ᠡ | ᠪᠡᠶ᠎ᠡ ᠳᠤ ᠪᠠᠶᠢᠷᠢᠯᠠᠵᠣ᠂ ᠱᠠᠨ ᠰᠢ ᠮᠤᠵᠢ᠂ ᠾᠧᠪᠧᠢ ᠮᠤᠵᠢ ᠪᠣᠯᠣᠨ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠠᠭᠤᠯᠵᠠᠭᠤᠷ ᠤᠨ ᠭᠡᠰᠡᠭ ᠲᠤ ᠪᠠᠶᠢᠳᠠᠭ᠃ ᠵᠡᠭᠦᠨᠰᠢ ᠪᠠᠨ ᠨᠡᠶᠢᠰᠯᠡᠯ ᠪᠡᠭᠡᠵᠢᠩ ᠠᠴᠠ 240 ᠺᠢᠯᠤᠮᠧᠳ᠋ᠷ᠂ | ᠪᠠᠷᠠᠭᠤᠨᠰᠢ ᠣᠷᠣᠨ ᠤ ᠲᠥᠪ ᠬᠦᠬᠡᠬᠤᠲᠠ ᠠᠴᠠ 200 ᠺᠢᠯᠣᠮᠧᠳ᠋ᠷ ᠵᠠᠶᠢᠲᠠᠢ ᠪᠠᠶᠢᠵᠣ᠂ ᠥᠪᠥᠷ ᠮᠣᠩᠭᠤᠯ ᠤᠨ | ᠭᠠᠳᠠᠭᠰᠢ ᠴᠢᠯᠦᠭᠡᠲᠠᠢ ᠶᠠᠪᠣᠯᠴᠠᠬᠤ ᠶᠢᠨ ᠡᠮᠦᠨ᠎ᠡ ᠡᠭᠦᠳᠡ ᠨᠢ ᠪᠣᠯᠵᠤ᠂ ᠲᠥᠷᠥ ᠶᠢᠨ ᠶᠠᠪᠣᠳᠠᠯ ᠤᠨ ᠬᠤᠷᠢᠶᠠᠨ ᠠᠴᠠ | ᠵᠥᠪᠰᠢᠶᠡᠷᠡᠭᠰᠡᠨ ᠭᠠᠳᠠᠭᠰᠢ ᠴᠢᠯᠦᠭᠡᠲᠠᠢ ᠶᠠᠪᠣᠯᠴᠠᠬᠤ ᠰᠢᠶᠠᠨ ᠪᠣᠯᠣᠨ᠎ᠠ᠃ | ᠰᠢᠩ ᠾᠧ ᠰᠢᠶᠠᠨ ᠨᠢ ᠥᠨᠢ ᠤᠳᠠᠭᠠᠨ ᠲᠡᠥᠬᠡᠨ ᠥᠪ ᠰᠤᠶᠤᠯ ᠲᠠᠢ᠃ ᠪᠠᠶᠢᠯᠳᠣᠭᠠᠨᠲᠣ ᠣᠯᠣᠰ ᠤᠨ | ᠦᠶ᠎ᠡ ᠳᠤ ᠰᠢᠩ ᠾᠧ ᠰᠢᠶᠠᠨ ᠵᠣᠣ ᠣᠯᠣᠰ ᠤᠨ ᠳ᠋ᠠᠢ ᠵᠢᠶᠦ᠋ᠨ ᠤ ᠡᠷᠬᠡᠰᠢᠶᠡᠯ ᠳᠤ ᠪᠠᠶᠢᠵᠣ᠂ ᠶᠠᠨ ᠯᠢᠩ ᠴᠧᠩ ᠶᠢ | ᠪᠠᠶᠢᠭᠤᠯᠵᠣ᠂ ᠲᠡᠥᠬᠡᠨ ᠳᠤ ᠬᠠᠷᠢᠶᠠᠨ ᠳᠠᠭᠠᠨ ᠯᠦ᠂ ᠹᠦ᠋᠂ ᠵᠧᠦ᠂ ᠰᠢᠶᠠᠨ ᠪᠠᠶᠢᠭᠤᠯᠵᠠᠢ᠃ ᠪᠠᠷᠠᠭᠤᠨ ᠬᠠᠨ ᠤ | ᠦᠶ᠎ᠡ ᠳᠤ ᠶᠠᠨ ᠯᠢᠩ ᠰᠢᠶᠠᠨ ᠵᠢᠦᠢ ᠷᠦ᠋ ᠰᠢᠶᠠᠨ ᠢ ᠪᠠᠶᠢᠭᠤᠯᠵᠣ᠂ ᠳ᠋ᠠᠢ ᠵᠢᠶᠦ᠋ᠨ ᠳᠤ ᠬᠠᠷᠢᠶᠠᠯᠠᠭᠳᠠᠵᠠᠢ᠃ ᠵᠡᠭᠦᠨ | ᠬᠠᠨ ᠤ ᠰᠡᠭᠦᠯᠴᠢ ᠶᠢᠨ ᠦᠶ᠎ᠡ ᠠᠴᠠ ᠸᠧᠢ ᠶᠢᠨ ᠡᠮᠦᠨᠡᠲᠦ ᠣᠮᠠᠷᠠᠲᠣ ᠲᠦᠷᠥ ᠬᠦᠷᠲᠡᠯ᠎ᠡ ᠰᠢᠶᠠᠨᠪᠸᠢ ᠥᠨᠳᠥᠰᠥᠲᠡᠨ | ᠰᠠᠭᠤᠷᠢᠰᠢᠨ ᠰᠠᠭᠤᠵᠣ᠂ ᠰᠥᠩ ᠣᠯᠣᠰ ᠤᠨ ᠦᠶ᠎ᠡ ᠳᠤ ᠸᠧᠢ ᠠᠨ ᠰᠢᠶᠠᠨ ᠢ ᠪᠠᠶᠢᠭᠤᠯᠵᠠᠢ᠃ ᠶᠤᠸᠠᠨ ᠣᠯᠣᠰ ᠤᠨ | ᠦᠶ᠎ᠡ ᠳᠤ ᠵᠦᠩ ᠱᠤ᠋ ᠮᠤᠵᠢ ᠶᠢᠨ ᠰᠢᠩ ᠾᠧ ᠵᠠᠮ ᠳᠤ ᠬᠠᠷᠢᠶᠠᠯᠠᠭᠳᠠᠪᠠ᠃ ᠮᠢᠩ ᠣᠯᠣᠰ ᠤᠨ ᠦᠶ᠎ᠡ ᠳᠤ ᠢᠦᠢ | ᠯᠢᠨ ᠰᠢᠶᠠᠨ ᠢ ᠪᠠᠶᠢᠭᠤᠯᠵᠠᠢ᠃ ᠴᠢᠩ ᠣᠯᠣᠰ ᠤᠨ ᠦᠶ᠎ᠡ ᠳᠤ ᠹᠧᠩ ᠴᠤᠸᠠᠨ ᠸᠧᠢ ᠶᠢ ᠪᠠᠶᠢᠭᠤᠯᠵᠣ᠂ | ᠪᠠᠳᠠᠷᠠᠭᠤᠯᠲᠣ ᠲᠥᠷᠥ ᠶᠢᠨ ᠬᠤᠷᠢ ᠶᠢᠰᠦᠳᠦᠭᠡᠷ ᠣᠨ ᠳᠤ ᠰᠢᠩ ᠾᠧ ᠲᠢᠩᠬᠢᠮ ᠭᠡᠵᠣ ᠭᠠᠷᠭᠠᠵᠣ᠂ ᠱᠠᠨ ᠰᠢ | ᠮᠤᠵᠢ ᠶᠢᠨ ᠭᠦᠢ ᠰᠦᠢ ᠳ᠋ᠣᠣ ᠳᠤ ᠬᠠᠷᠢᠶᠠᠯᠠᠭᠳᠠᠨ᠂ ᠮᠣᠩᠭᠤᠯ ᠤᠨ ᠴᠠᠬᠠᠷ ᠨᠠᠢᠮᠠᠨ ᠬᠤᠰᠢᠭᠤᠨ ᠳᠠᠬᠢ ᠰᠢᠯᠣᠭᠤᠨ | ᠰᠢᠷ᠎ᠠ᠂ ᠰᠢᠯᠣᠭᠤᠨ ᠤᠯᠠᠭᠠᠨ ᠬᠤᠶᠡᠷ ᠬᠤᠰᠢᠭᠤ ᠶᠢᠨ ᠨᠡᠭᠦᠳᠡᠯᠯᠡᠨ ᠮᠠᠯᠵᠢᠬᠤ ᠭᠠᠵᠠᠷ ᠪᠠᠶᠢᠪᠠ᠃ ᠢᠷᠭᠡᠨ | ᠣᠯᠣᠰ ᠤᠨ ᠠᠩᠬᠠᠳᠣᠭᠠᠷ ᠣᠨ ︵1912 ᠣᠨ︶ ᠳᠤ ᠲᠢᠩᠬᠢᠮ ᠢ ᠰᠢᠶᠠᠨ ᠪᠣᠯᠭᠠᠵᠣ᠂ 1929 ᠣᠨ ᠳᠤ | ᠰᠦᠢᠶᠣᠸᠠᠨ ᠮᠤᠵᠢ ᠳᠤ ᠬᠠᠷᠢᠶᠠᠯᠠᠭᠳᠠᠵᠠᠢ᠃ | 1948 ᠣᠨ ᠳᠤ ᠰᠢᠩ ᠾᠧ ᠴᠢᠯᠦᠭᠡᠯᠡᠭᠳᠡᠵᠦ᠂ 1950 ᠣᠨ ᠳᠤ ᠰᠦᠢᠶᠣᠸᠠᠨ ᠮᠤᠵᠢ ᠳᠤ | ᠬᠠᠷᠢᠶᠠᠯᠠᠭᠳᠠᠵᠣ᠂ 1954 ᠣᠨ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠫᠢᠩ ᠳ᠋ᠢ ᠴᠢᠤᠸᠠᠨ | ᠵᠠᠰᠠᠭ ᠵᠠᠬᠢᠷᠭᠠᠨ ᠤ ᠲᠣᠭᠤᠷᠢᠭ ᠤᠨ ᠬᠠᠷᠢᠶᠠᠨ ᠳᠠᠬᠢ ᠰᠢᠶᠠᠨ ᠪᠠᠶᠢᠵᠣ᠂ 1958 ᠣᠨ ᠳᠤ ᠣᠯᠠᠭᠠᠨᠴᠠᠪ | ᠠᠶᠢᠮᠠᠭ ᠲᠤ ᠬᠠᠷᠢᠶᠠᠯᠠᠭᠳᠠᠵᠣ᠂ 2004 ᠣᠨ ᠳᠤ ᠣᠯᠠᠭᠠᠨᠴᠠᠪ ᠠᠶᠢᠮᠠᠭ ᠢ ᠬᠤᠲᠠ ᠪᠣᠯᠭᠠᠭᠰᠠᠨ ᠤ ᠳᠠᠷᠠᠭ᠎ᠠ᠂ | ᠣᠯᠠᠭᠠᠨᠴᠠᠪ ᠬᠤᠲᠠ ᠶᠢᠨ ᠬᠠᠷᠢᠶᠠᠨ ᠳᠠᠬᠢ ᠰᠢᠶᠠᠨ ᠪᠣᠯᠵᠠᠢ᠃ | ᠣᠷᠲᠣ ᠤᠳᠠᠭᠠᠨ ᠲᠡᠥᠬᠡ ᠶᠢᠨ ᠤᠯᠠᠷᠢᠨ ᠬᠤᠪᠢᠰᠣᠯᠲᠠ ᠳᠤ ᠡᠯ᠎ᠡ ᠦᠨᠳᠦᠰᠦᠲᠡᠨ ᠡᠪ ᠵᠣᠬᠢᠴᠠᠩᠭᠤᠢ | ᠣᠷᠣᠰᠢᠨ ᠠᠮᠢᠳᠣᠷᠠᠵᠣ᠂ ᠲᠠᠯ᠎ᠠ ᠨᠣᠲᠤᠭ ᠤᠨ ᠮᠠᠯᠵᠢᠬᠤ ᠰᠤᠶᠤᠯ᠂ ᠲᠠᠷᠢᠶᠠᠯᠠᠬᠤ ᠰᠣᠶᠣᠯ ᠪᠣᠯᠣᠨ ᠬᠤᠳᠠᠯᠳᠤᠭᠠᠨ ᠤ | ᠰᠣᠶᠣᠯ ᠨᠢᠭᠡ ᠴᠣᠭᠴᠠᠵᠢᠭᠰᠠᠨ ᠭᠠᠵᠠᠷ ᠣᠷᠣᠨ ᠤ ᠣᠨᠴᠠᠯᠢᠭ ᠲᠠᠢ ᠦᠨᠳᠦᠰᠦᠲᠡᠨ ᠤ ᠣᠯᠠᠨ ᠡᠰᠢᠵᠢᠯᠲᠡ ᠪᠣᠯᠣᠨ | ᠪᠦᠷᠢᠯᠳᠦᠵᠠᠢ᠃ ᠠᠳᠡ ᠲᠡᠥᠬᠡ ᠶᠢᠨ ᠤᠯᠠ ᠮᠦᠷ ᠬᠠᠳᠠᠭᠠᠯᠠᠭᠳᠠᠭᠰᠠᠨ ᠡᠷᠲᠡᠨ ᠤ ᠤᠷᠲᠤ ᠰᠢᠷᠣᠢ ᠬᠡᠷᠡᠮ᠂ ᠣᠯᠠᠨ | ᠠᠷᠪᠢᠨ ᠲᠡᠥᠬᠡ ᠶᠢᠨ ᠦᠯᠡᠳᠡᠭᠳᠡᠯ ᠳᠤᠷᠠᠰᠬᠠᠯᠲᠤ ᠵᠦᠢᠯ᠂ ᠰᠢᠶᠠᠨᠪᠢ ᠲᠦᠸᠧ ᠪᠠ ᠶᠢᠨ ᠲᠦᠯᠦᠭᠡᠯᠡᠭᠦᠯᠦᠭᠰᠡᠨ | ᠬᠠᠭᠠᠨ ᠢᠵᠠᠭᠤᠷᠲᠠᠨ ᠤ ᠦᠯᠢᠭᠡᠷ ᠲᠡᠥᠬᠡ᠂ ︽ᠰᠦᠢ ᠶᠢᠨ ᠵᠡᠬᠦᠨᠲᠡᠬᠢ ᠨᠢᠭᠡᠳᠦᠭᠡᠷ ᠰᠦᠮ᠎ᠡ︾ ᠠᠮᠤᠭᠤᠯᠠᠩ | ᠢᠪᠡᠭᠡᠭᠴᠢ ᠰᠦᠮ᠎ᠡ ᠪᠠᠷ ᠪᠡᠯᠭᠡᠳᠡᠯ ᠪᠣᠯᠭᠠᠭᠰᠠᠨ ᠱᠠᠰᠢᠨ ᠰᠣᠷᠲᠠᠬᠤᠨ ᠤ ᠰᠣᠶᠣᠯ ᠪᠣᠯᠪᠠᠰᠣᠨ ᠲᠠᠢ᠃ ᠦᠢ ᠣᠯᠠᠨ | ᠰᠣᠶᠣᠯ ᠪᠣᠯᠪᠠᠰᠣᠨ ᠤ ᠦᠯᠡᠳᠡᠭᠳᠡᠯ ᠠᠴᠠ ᠬᠦᠮᠦᠨ ᠢ ᠰᠣᠭᠲᠣᠷᠠᠭᠤᠯᠣᠮᠠ ᠡᠷᠲᠡᠨ ᠤ ᠦᠩᠭᠡ ᠲᠥᠷᠬᠦ᠂ ᠡᠷᠲᠡᠨ ᠤ | ᠠᠶᠠᠰ ᠠᠶᠠᠯᠭᠤ ᠤᠶᠢᠨ ᠰᠠᠴᠣᠷᠠᠵᠣ᠂ ᠡᠨᠡ ᠭᠠᠵᠠᠷ ᠤᠨ ᠡᠷᠲᠡ ᠦᠶ᠎ᠡ ᠶᠢᠨ ᠴᠡᠴᠡᠭᠯᠡᠨ ᠮᠠᠨᠳᠣᠯᠲᠠ ᠨᠢ ᠠᠯᠣᠰ ᠤᠨ | ᠵᠡᠷᠭᠡᠯᠭᠡᠨ ᠳᠤ ᠲᠣᠳᠣᠷᠠᠨ ᠬᠠᠷᠠᠭᠳᠠᠬᠤ ᠰᠢᠭ᠋ ᠪᠣᠯᠳᠠᠭ᠃ | ᠤᠷᠴᠢᠭᠤᠯᠤᠭᠴᠢ᠄ ᠰᠣᠷᠭᠤᠭ | | | | | | |