ᠰᠢᠩ ᠾᠧ ᠰᠢᠶᠠᠨ ᠤ ᠴᠠᠷ ᠨᠠᠭᠤᠷ ︵ᠨᠦᠬᠦᠷᠯᠡᠯ ᠤᠰᠤᠨ ᠴᠦᠬᠦᠷᠦᠮ︶
ᠨᠡᠶᠢᠲᠡᠯᠡᠭᠰᠡᠨ ᠴᠠᠭ᠄
2019-07-17
     ᠴᠠᠷ ᠨᠠᠭᠤᠷ᠂ ᠤᠯᠤᠰ ᠤᠨ 4A ᠳᠡᠰ ᠤᠨ ᠵᠢᠭᠤᠯᠴᠢᠯᠠᠯ ᠤᠨ ᠣᠷᠣᠨ᠂ ᠤᠯᠠᠭᠠᠨᠴᠠᠪ ᠬᠤᠲᠠ ᠶᠢᠨ ᠰᠢᠩ ᠾᠧ ᠰᠢᠶᠠᠨ ᠤ ᠴᠧᠩ ᠭᠤᠸᠠᠨ ᠪᠠᠯᠭᠠᠰᠣᠨ ᠤ ᠶᠠ ᠮᠧᠨ ᠬᠤᠣ ᠳᠤ ᠪᠠᠶᠢᠷᠢᠯᠠᠵᠤ᠂ ᠪᠡᠭᠡᠵᠢᠩ ᠠᠴᠠ 230 ᠺᠢᠯᠤᠮᠧᠳ᠋ᠷ ᠵᠠᠶᠢᠲᠠᠢ᠂ ᠵᠢᠨᠢᠩ ᠲᠣᠭᠤᠷᠢᠭ ᠠᠴᠠ 80 ᠺᠢᠯᠤᠮᠧᠳ᠋ᠷ ᠵᠠᠶᠢᠲᠠᠢ᠂ ᠵᠢᠭᠤᠯᠴᠢᠯᠠᠯ ᠤᠨ ᠣᠷᠣᠨ ᠨᠢ ᠮᠤᠨᠢ ᠠᠭᠤᠯᠠ ᠶᠢᠨ ᠦᠷᠬᠦᠯᠵᠢᠯᠡᠯ ᠨᠢᠷᠤᠭᠤᠨ ᠳᠤ ᠬᠠᠷᠢᠶᠠᠯᠠᠭᠳᠠᠵᠤ᠂ ᠨᠠᠭᠤᠷ ᠨᠢ ᠠᠭᠤᠯᠠ ᠨᠢᠷᠤᠭᠤᠨ ᠳᠤ ᠬᠦᠷᠢᠶᠡᠯᠡᠭᠳᠡᠵᠦ ᠪᠠᠶᠢᠳᠠᠭ᠃
     ᠵᠢᠭᠤᠯᠴᠢᠯᠠᠯ ᠤᠨ ᠣᠷᠣᠨ ᠨᠢ ᠡᠬᠡ ᠭᠠᠵᠠᠷ ᠤᠨ ᠴᠢᠨᠠᠷᠲᠠᠢ ᠣᠯᠠᠷᠢᠯ ᠤᠨ ᠰᠠᠯᠬᠢᠨ ᠤ ᠴᠢᠭᠢᠭᠯᠢᠭ ᠠᠮᠢᠰᠬᠤᠯ ᠲᠠᠢ᠂ ᠳᠦᠷᠪᠡᠨ ᠤᠯᠠᠷᠢᠯ ᠤᠨ ᠰᠢᠨᠵᠢ ᠢᠯᠡᠷᠬᠡᠢ᠂ ᠨᠠᠷᠠᠨ ᠤ ᠲᠤᠰᠤᠯᠲᠠ ᠰᠠᠶᠢᠲᠠᠢ᠃ ᠵᠢᠭᠤᠯᠴᠢᠯᠠᠯ ᠤᠨ ᠣᠷᠣᠨ ᠳᠤ ᠠᠭᠤᠯᠠ ᠨᠢᠷᠤᠭᠤ ᠦᠷᠬᠦᠯᠵᠢᠯᠡᠵᠦ᠂ ᠵᠢᠷᠤᠭ ᠮᠡᠲᠦ ᠠᠭᠤᠯᠠ ᠤᠰᠤ ᠲᠠᠢ᠂ ᠲᠠᠷᠢᠶᠠᠯᠠᠬᠤ ᠦᠢᠯᠡᠰ ᠤᠨ ᠦᠵᠡᠮᠵᠢ᠂ ᠤᠰᠤᠨ ᠳᠡᠭᠡᠷᠡᠬᠢ ᠲᠣᠭᠯᠠᠭᠠᠮ᠂ ᠠᠭᠤᠯᠠ ᠮᠠᠴᠤᠬᠤ᠂ ᠮᠣᠷᠢᠨ ᠮᠡᠷᠭᠡᠵᠢᠯ ᠤᠨ ᠪᠣᠯᠪᠠᠰᠣᠷᠠᠯ᠂ ᠵᠤᠭᠠᠯᠠᠬᠤ ᠵᠡᠪᠢ ᠰᠤᠮᠤᠨ ᠣᠩᠭᠤᠴᠠ᠂ ᠮᠦᠰᠦ ᠴᠠᠰᠤ ᠭᠤᠯᠭᠤᠬᠤ᠂ ᠨᠠᠮ ᠨᠢᠰᠦᠯᠭᠡ᠂ ᠠᠩ ᠠᠩᠨᠠᠬᠤ ᠫᠠᠢ ᠬᠠᠷᠪᠤᠬᠤ᠂ ᠪᠠᠭᠠᠴᠣᠳ ᠭᠡᠥᠬᠡᠳ ᠤᠨ ᠵᠤᠰᠠᠯᠠᠩ ᠤᠨ ᠰᠠᠭᠤᠷᠢᠨ ᠭᠠᠵᠠᠷ ᠵᠡᠷᠭᠡ ᠪᠠᠷ ᠭᠤᠣᠯ ᠪᠣᠯᠭᠠᠭᠰᠠᠨ ᠪᠠᠶᠢᠳᠠᠭ᠃  
 
     ᠴᠠᠷ ᠨᠠᠭᠤᠷ ︵ᠨᠦᠬᠦᠷᠯᠡᠯ ᠤᠰᠤᠨ ᠴᠦᠬᠦᠷᠦᠮ︶ ᠶᠢᠨ ᠬᠠᠮᠤᠭ ᠶᠡᠭᠡ ᠤᠷᠤᠰᠬᠠᠯ ᠤᠨ ᠲᠠᠯᠠᠪᠠᠢ ᠨᠢ 2250 ᠲᠡᠭᠰᠢ ᠳᠦᠷᠪᠡᠯᠵᠢᠨ ᠺᠢᠯᠤᠮᠧᠳ᠋ᠷ᠂ ᠬᠠᠮᠤᠭ ᠶᠡᠭᠡ ᠤᠰᠤ ᠬᠤᠷᠠᠭᠰᠠᠨ ᠲᠠᠯᠠᠪᠠᠢ ᠨᠢ 7.7 ᠲᠡᠭᠰᠢ ᠳᠦᠷᠪᠡᠯᠵᠢᠨ ᠺᠢᠯᠤᠮᠧᠳ᠋ᠷ᠂ ᠴᠦᠬᠦᠷᠦᠮ ᠤᠨ ᠪᠠᠭᠲᠠᠭᠠᠮᠵᠢ ᠨᠡᠶᠢᠲᠡ 1.16 ᠳ᠋ᠦᠩᠰᠢᠭᠤᠷ ᠺᠦᠪ ᠮᠧᠳ᠋ᠷ᠂ ᠳᠤᠮᠳᠠᠴᠢ ᠤᠰᠤᠨ ᠤ ᠭᠦᠨ ᠨᠢ 6--9 ᠮᠧᠳ᠋ᠷ᠃ ᠵᠢᠭᠤᠯᠴᠢᠯᠠᠯ ᠤᠨ ᠤᠷᠤᠨ ᠤ ᠪᠦᠬᠦ ᠲᠠᠯᠠᠪᠠᠢ ᠨᠢ 4400 ᠾᠧᠺᠲ᠋ᠡᠷ ︵66000 ᠮᠦ ︶᠂ ᠨᠡᠶᠢᠲᠡ ᠬᠡᠷᠡᠭᠯᠡᠭᠡᠨ ᠤ ᠲᠠᠯᠠᠪᠠᠢ ᠨᠢ 506 ᠾᠧᠺᠲ᠋ᠡᠷ ︵7590 ᠮᠦ︶᠂ ᠰᠢᠨ᠎ᠡ ᠪᠠᠷ ᠨᠡᠮᠡᠭᠰᠡᠨ ᠪᠦᠲᠦᠭᠡᠨ ᠪᠠᠶᠢᠭᠤᠯᠤᠯᠲᠠ ᠶᠢᠨ ᠭᠠᠵᠠᠷ ᠨᠢ 33.3 ᠾᠧᠺᠲ᠋ᠡᠷ ︵500 ᠮᠦ︶᠂ ᠤᠰᠤᠨ ᠤ ᠲᠠᠯᠠᠪᠠᠢ ᠨᠢ 666 ᠾᠧᠺᠲ᠋ᠡᠷ ︵10000 ᠮᠦ︶᠂ ᠣᠶᠢᠲᠤ ᠭᠠᠵᠠᠷ ᠤᠨ ᠲᠠᠯᠠᠪᠠᠢ ᠨᠢ 440 ᠾᠧᠺᠲ᠋ᠡᠷ ︵6600 ᠮᠦ︶᠃ ᠵᠢᠭᠤᠯᠴᠢᠯᠠᠯ ᠤᠨ ᠣᠷᠤᠨ ᠳᠤ ᠡᠯᠳᠡᠪ ᠵᠡᠷᠯᠢᠭ ᠠᠮᠢᠳᠠᠨ ᠤᠷᠭᠤᠮᠠᠯ ᠡᠮ ᠢᠳᠡᠭᠡᠨ ᠤ ᠵᠦᠢᠯᠡᠰ ᠪᠣᠯᠤᠨ ᠣᠯᠠᠨ ᠲᠦᠷᠦᠯ ᠵᠦᠢᠯ ᠤᠨ ᠵᠢᠭᠠᠰᠤ ᠂ ᠪᠣᠬᠢᠷᠳᠤᠯ ᠦᠭᠡᠢ ᠢᠳᠡᠰᠢᠨ ᠨᠣᠭᠤᠭ᠎ᠠ ᠪᠠᠷ ᠡᠯᠪᠡᠭ ᠪᠠᠶᠢᠳᠠᠭ᠃
     
 
ᠢᠷᠡᠯᠲᠡ᠄ ᠰᠢᠩ ᠾᠧ ᠰᠢᠶᠠᠨ ᠤ ᠵᠠᠰᠠᠭ ᠤᠨ ᠣᠷᠳᠣᠨ ᠤ ᠬᠢᠲᠠᠳ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3