ᠰᠢᠩ ᠾᠧ ᠰᠢᠶᠠᠨ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠯᠠᠭᠠᠨᠴᠠᠪ ᠬᠤᠲᠠ ᠶᠢᠨ | ᠵᠡᠭᠦᠨ ᠡᠮᠦᠨ᠎ᠡ ᠵᠦᠭ ᠲᠤ ᠪᠠᠶᠢᠷᠢᠯᠠᠵᠣ᠂ ᠰᠢᠶᠠᠨ ᠤ ᠭᠠᠵᠠᠷ ᠳᠡᠪᠢᠰᠬᠡᠷ ᠤᠨ ᠪᠦᠬᠦ ᠲᠠᠯᠠᠪᠠᠢ ᠨᠢ 3512.43 | ᠲᠡᠭᠰᠢ ᠳᠦᠷᠪᠡᠯᠵᠢᠨ ᠺᠢᠯᠣᠮᠧᠳ᠋ᠷ ᠪᠠᠶᠢᠵᠤ᠂ ᠡᠮᠦᠨᠡᠰᠢ ᠤᠮᠠᠷᠠᠰᠢ ᠤᠷᠲᠤ ᠪᠠᠷ ᠢᠶᠠᠨ ᠪᠠᠷᠤᠭ 109 ᠺᠢᠯᠣᠮᠧᠳ᠋ᠷ᠂ | ᠵᠡᠭᠦᠨᠰᠢ ᠪᠠᠷᠠᠭᠤᠨᠰᠢ ᠦᠷᠭᠡᠨ ᠢᠶᠠᠷ ᠢᠶᠠᠨ ᠪᠠᠷᠤᠭ 67 ᠺᠢᠯᠣᠮᠧᠳ᠋ᠷ ᠪᠠᠶᠢᠳᠠᠭ᠃ ᠵᠡᠭᠦᠨᠰᠢ ᠪᠠᠨ ᠮᠣᠨᠢ ᠠᠭᠤᠯᠠ᠂ | ᠠᠭᠤᠢ ᠠᠭᠤᠯᠠ ᠪᠠᠷ ᠵᠠᠭᠠᠭᠯᠠᠵᠣ᠂ ᠾᠧᠪᠧᠢ ᠮᠤᠵᠢ ᠶᠢᠨ ᠱᠠᠩ ᠢ ᠰᠢᠶᠠᠨ ᠲᠠᠢ ᠬᠦᠷᠰᠢᠯᠡᠨ᠂ ᠡᠮᠦᠨ᠎ᠡ ᠪᠠᠨ ᠤᠷᠲᠤ | ᠴᠠᠭᠠᠨ ᠬᠡᠷᠡᠮ᠂ ᠳ᠋ᠠ ᠨᠠᠨ ᠱᠠᠨ ᠢᠶᠠᠷ ᠵᠠᠭᠠᠭᠯᠠᠵᠤ᠂ ᠾᠧᠪᠧᠢ ᠮᠤᠵᠢ ᠶᠢᠨ ᠬᠤᠸᠠᠢ ᠠᠨ ᠰᠢᠶᠠᠨ᠂ ᠱᠠᠨ ᠰᠢ | ᠮᠤᠵᠢ ᠶᠢᠨ ᠲᠢᠶᠠᠨ ᠵᠧᠨ ᠰᠢᠶᠠᠨ᠂ ᠶᠠᠩ ᠭᠤᠣ ᠰᠢᠶᠠᠨ ᠲᠠᠢ ᠵᠠᠯᠭᠠᠯᠳᠠᠨ᠂ ᠪᠠᠷᠠᠭᠤᠨᠰᠢ ᠪᠠᠨ ᠹᠧᠩᠽᠧᠨ ᠬᠤᠲᠠ᠂ | ᠴᠠᠬᠠᠷ ᠪᠠᠷᠠᠭᠤᠨ ᠭᠠᠷᠣᠨ ᠡᠮᠦᠨᠡᠲᠦ ᠬᠤᠰᠢᠭᠤ ᠲᠠᠢ ᠬᠦᠷᠰᠢᠯᠡᠨ᠂ ᠣᠮᠠᠷᠠᠰᠢ ᠪᠠᠨ ᠴᠠᠬᠠᠷ ᠪᠠᠷᠠᠭᠤᠨ ᠬᠤᠶᠢᠲᠣ | ᠬᠤᠰᠢᠭᠤ᠂ ᠱᠠᠩᠲᠣ ᠰᠢᠶᠠᠨ ᠲᠠᠢ ᠬᠦᠷᠰᠢᠯᠡᠨ ᠨᠡᠶᠢᠯᠡᠵᠣ ᠪᠠᠶᠢᠨ᠎ᠠ᠃ ᠾᠧᠪᠧᠢ ᠮᠤᠵᠢ᠂ ᠱᠠᠨ ᠰᠢ ᠮᠤᠵᠢ᠂ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠵᠡᠷᠭᠡ ᠭᠤᠷᠪᠠᠨ ᠮᠤᠵᠢ ᠶᠢᠨ ᠵᠠᠭᠠᠭ ᠲᠤ ᠪᠠᠶᠢᠷᠢᠯᠠᠵᠠᠢ᠃ | ᠰᠢᠩ ᠾᠧ ᠰᠢᠶᠠᠨ ᠨᠢ ᠣᠳᠣ ᠴᠧᠩ ᠭᠤᠸᠠᠨ ᠪᠠᠯᠭᠠᠰᠣ᠂ ᠵᠠᠩ ᠭᠤᠣ ᠪᠠᠯᠭᠠᠰᠣ᠂ ᠳ᠋ᠢᠶᠠᠨ ᠽᠢ ᠪᠠᠯᠭᠠᠰᠣ᠂ | ᠰᠠᠶᠢᠬᠤᠰᠣ ᠪᠠᠯᠭᠠᠰᠣ᠂ ᠡᠷᠳᠡᠨᠢ ᠪᠠᠯᠭᠠᠰᠣ᠂ ᠶᠡᠭᠡ ᠬᠦᠷᠢᠶ᠎ᠡ ᠰᠢᠶᠠᠩ᠂ ᠥᠨᠳᠥᠰᠥᠲᠡᠨ ᠤ ᠪᠥᠯᠬᠦᠮᠳᠡᠯ ᠰᠢᠶᠠᠩ᠂ ᠳ᠋ᠠ | ᠲᠥᠩ ᠶᠣᠣ ᠰᠢᠶᠠᠩ᠂ ᠦ᠋ ᠭᠦ᠋ ᠴᠢᠤᠸᠠᠨ ᠰᠢᠶᠠᠩ᠂ ᠵᠡᠷᠭᠡ ᠲᠠᠪᠣᠨ ᠪᠠᠯᠭᠠᠰᠤ᠂ ᠳᠦᠷᠪᠡᠨ ᠰᠢᠶᠠᠩ ᠲᠠᠢ᠃ 161 | ᠲᠣᠰᠬᠤᠨ ᠤ ᠠᠷᠠᠳ ᠤᠨ ᠵᠦᠪᠯᠡᠯ ᠵᠢᠴᠢ 867 ᠲᠣᠰᠬᠤᠨ ᠤ ᠠᠷᠠᠳ ᠤᠨ ᠪᠠᠭ᠎ᠠ ᠳᠤᠭᠤᠶᠢᠯᠠᠩ ᠲᠠᠢ᠃ ᠪᠦᠬᠦ | ᠰᠢᠶᠠᠨ ᠳᠤ ᠨᠡᠶᠢᠲᠡ 33.2 ᠲᠦᠮᠡᠨ ᠬᠦᠮᠦᠨ ᠠᠮᠠ ᠲᠠᠢ᠂ ᠡᠭᠦᠨ ᠳᠤ 25.3 ᠲᠦᠮᠡᠨ ᠬᠦᠳᠡᠭᠡ ᠳᠣᠰᠬᠤᠨ ᠤ | ᠬᠦᠮᠦᠨ ᠠᠮᠠ ᠲᠠᠢ᠃ ᠬᠦᠮᠦᠨ ᠠᠮᠠ ᠶᠢᠨ ᠨᠢᠭᠳᠠᠴᠠ ᠨᠢ ᠨᠢᠭᠡ ᠲᠡᠭᠰᠢ ᠳᠦᠷᠪᠡᠯᠵᠢᠨ ᠺᠢᠯᠣᠮᠧᠳ᠋ᠷ ᠪᠦᠷᠢ ᠳᠤ 89 | ᠬᠦᠮᠦᠨ᠃ ᠬᠢᠲᠠᠳ ᠥᠨᠳᠥᠰᠥᠲᠡᠨ᠂ ᠮᠣᠩᠭᠤᠯ ᠥᠨᠳᠥᠰᠥᠲᠡᠨ᠂ ᠬᠤᠲᠣᠩ ᠥᠨᠳᠥᠰᠥᠲᠡᠨ᠂ ᠮᠠᠨᠵᠣ | ᠥᠨᠳᠥᠰᠥᠲᠡᠨ᠂ ᠮᠢᠶᠣᠣ ᠥᠨᠳᠥᠰᠥᠲᠡᠨ᠂ ᠭᠤᠣ ᠱᠠᠨ ᠥᠨᠳᠥᠰᠥᠲᠡᠨ ᠵᠡᠷᠭᠡ 10 ᠥᠨᠳᠥᠰᠥᠲᠡᠨ ᠲᠠᠢ᠂ ᠮᠣᠩᠭᠤᠯ | ᠥᠨᠳᠥᠰᠥᠲᠡᠨ ᠢᠶᠠᠷ ᠭᠤᠣᠯᠯᠠᠨ᠂ ᠬᠢᠲᠠᠳ ᠥᠨᠳᠥᠰᠥᠲᠡᠨ ᠶᠡᠬᠡᠩᠭᠡᠢ ᠲᠤᠭ᠎ᠠ ᠶᠢ ᠡᠵᠡᠯᠡᠭᠰᠡᠨ ᠦᠨᠳᠦᠰᠦᠲᠡᠨ ᠤ | ᠰᠠᠭᠤᠷᠢᠰᠢᠨ ᠰᠠᠭᠤᠭ᠎ᠠ ᠭᠠᠵᠠᠷ ᠪᠣᠯᠣᠨ᠎ᠠ᠃ | ᠠᠳᠡ ᠭᠦᠨ ᠵᠤᠵᠠᠭᠠᠨ ᠲᠡᠥᠬᠡ ᠰᠣᠶᠣᠯ ᠲᠠᠢ᠂ ᠦᠵᠡᠮᠵᠢ ᠲᠡᠭᠦᠯᠳᠡᠷ ᠠᠭᠤᠯᠠ ᠤᠰᠤ ᠲᠠᠢ᠂ ᠡᠯᠪᠡᠭ ᠪᠠᠶᠠᠨ | ᠪᠤᠳᠠᠰ ᠤᠨ ᠥᠪ ᠬᠦᠷᠦᠩᠭᠡ ᠲᠠᠢ ᠪᠠᠷ ᠪᠠᠷᠠᠬᠤ ᠦᠭᠡᠢ ᠪᠠᠰᠠ ᠪᠣᠷᠣᠭᠵᠢᠭᠤᠨ ᠰᠠᠶᠢᠬᠠᠨ ᠥᠨᠳᠥᠰᠥᠲᠡᠨ ᠤ ᠵᠠᠩ | ᠦᠢᠯᠡ ᠲᠠᠢ᠂ ᠨᠢᠭᠡᠨ ᠣᠨᠴᠠᠯᠢᠭ ᠲᠠᠢ᠂ ᠡᠶ᠎ᠡ ᠨᠠᠶᠢᠷᠠᠮᠳᠠᠭᠤ᠂ ᠦᠵᠡᠰᠭᠦᠯᠡᠩᠲᠦ ᠰᠠᠶᠢᠬᠠᠨ ᠬᠢᠯᠢ ᠶᠢᠨ ᠰᠢᠶᠠᠨ ᠶᠤᠮ᠃ | | ᠤᠷᠴᠢᠭᠤᠯᠤᠭᠴᠢ᠄ ᠰᠣᠷᠭᠤᠭ | |