ᠭᠠᠵᠠᠷ ᠰᠢᠷᠣᠢ ᠶᠢᠨ ᠡᠬᠢ ᠪᠠᠶᠠᠯᠢᠭ᠃ | ᠰᠢᠩ ᠾᠧ ᠰᠢᠶᠠᠨ ᠤ ᠨᠣᠲᠤᠭ ᠳᠡᠪᠢᠰᠬᠡᠷ ᠨᠢ ᠤᠷᠲᠤ ᠪᠠᠷ ᠢᠶᠠᠨ 109 ᠺᠢᠯᠣᠮᠧᠳ᠋ᠷ᠂ ᠦᠷᠭᠡᠨ ᠢᠶᠠᠷ ᠢᠶᠠᠨ | 67 ᠺᠢᠯᠣᠮᠧᠳ᠋ᠷ᠂ ᠨᠡᠶᠢᠲᠡ ᠲᠠᠯᠠᠪᠠᠢ ᠨᠢ 3518 ᠲᠡᠭᠰᠢ ᠲᠦᠷᠪᠡᠯᠵᠢᠨ ᠺᠢᠯᠣᠮᠧᠳ᠋ᠷ ᠪᠠᠶᠢᠵᠣ᠂ ᠡᠭᠦᠨ ᠳᠤ ᠠᠲᠠᠷ | ᠬᠠᠭᠠᠯᠪᠤᠷᠢᠯᠠᠭᠰᠠᠨ ᠲᠠᠯᠠᠪᠠᠢ ᠨᠢ 104 ᠲᠦᠮᠡᠨ ᠮᠦ᠂ ᠠᠰᠢᠭᠯᠠᠵᠣ ᠪᠣᠯᠬᠤ ᠭᠠᠵᠠᠷ ᠰᠢᠷᠣᠢ ᠶᠢᠨ ᠡᠬᠢ ᠪᠠᠶᠠᠯᠢᠭ | ᠡᠯᠪᠡᠭ ᠪᠠᠶᠢᠳᠠᠭ᠃ | | ᠠᠭᠤᠷᠬᠠᠢ ᠶᠢᠨ ᠡᠬᠢ ᠪᠠᠶᠠᠯᠢᠭ᠃ | ᠬᠢᠯᠢ ᠶᠢᠨ ᠳᠣᠲᠣᠷ᠎ᠠ ᠨᠢᠭᠡᠨᠲᠡ ᠰᠢᠨᠵᠢᠯᠡᠨ ᠲᠣᠳᠣᠯᠠᠭᠰᠠᠨ ᠠᠭᠤᠷᠬᠠᠢ ᠶᠢᠨ ᠪᠤᠯᠠᠭᠳᠠᠴᠠ ᠪᠠᠯ ᠴᠢᠯᠠᠭᠤ᠂ | ᠴᠢᠭᠢᠭᠯᠢᠭ ᠰᠢᠷᠤᠢ᠂ ᠬᠠᠰ ᠪᠠᠯ ᠴᠢᠯᠠᠭᠤ᠂ ᠴᠠᠬᠢᠭᠤᠷ ᠤᠲᠠᠰᠤᠲᠤ ᠴᠢᠯᠠᠭᠤ᠂ ᠴᠣᠬᠤᠢ ᠶᠢᠨ ᠴᠢᠯᠠᠭᠤ᠂ ᠪᠢᠨᠳᠠᠷᠢᠶ᠎ᠠ᠂ | ᠭᠠᠨᠳᠢᠭ ᠴᠢᠯᠠᠭᠤ᠂ ᠪᠣᠯᠣᠷ ᠴᠢᠯᠠᠭᠤ᠂ ᠬᠠᠶᠢᠷᠰᠣᠲᠣ ᠬᠦᠳᠡᠷ᠂ ᠴᠠᠭᠠᠨ ᠭᠢᠯᠲᠠᠭᠠᠨᠠᠭᠤᠷ᠂ ᠸᠤᠯᠹᠷᠡᠮ ᠬᠦᠳᠡᠷ᠂ | ᠲᠡᠮᠦᠷ ᠤᠨ ᠬᠦᠳᠡᠷ ᠵᠡᠷᠭᠡ 30 ᠭᠠᠷᠣᠢ ᠲᠦᠷᠦᠯ ᠪᠠᠶᠢᠳᠠᠭ᠃ ᠡᠭᠦᠨ ᠳᠤ ᠪᠠᠯ ᠴᠢᠯᠠᠭᠤᠨ ᠪᠤᠯᠠᠭᠳᠠᠴᠠ ᠨᠢ ᠪᠦᠬᠦ | ᠤᠯᠤᠰ ᠤᠨ ᠭᠤᠷᠪᠠᠨ ᠶᠡᠭᠡ ᠪᠠᠯ ᠴᠢᠯᠠᠭᠤᠨ ᠰᠠᠭᠤᠷᠢᠨ ᠭᠠᠵᠠᠷ ᠤᠨ ᠨᠢᠭᠡ ᠪᠣᠯᠣᠨ᠎ᠠ᠃ ᠪᠠᠶᠢᠭᠠᠯᠢᠯᠢᠭ ᠬᠠᠶᠢᠷᠰᠣᠲᠣ | ᠪᠠᠯ ᠴᠢᠯᠠᠭᠤ ᠭᠠᠵᠠᠷ ᠲᠤ ᠬᠠᠳᠠᠭᠠᠯᠠᠭᠳᠠᠵᠤ ᠪᠠᠶᠢᠬᠤ ᠬᠡᠮᠵᠢᠶ᠎ᠡ ᠨᠢ 3733 ᠲᠦᠮᠡᠨ ᠲᠣᠨ᠂ ᠴᠢᠨᠠᠷ ᠤᠨ ᠳᠡᠰ ᠨᠢ | 2.5 — 5%᠃ ᠣᠳᠣ 10 ᠭᠠᠷᠣᠢ ᠪᠠᠯ ᠴᠢᠯᠠᠭᠤᠨ ᠠᠭᠤᠷᠬᠠᠢ ᠶᠢᠨ ᠠᠵᠤ ᠠᠬᠤᠶᠢᠯᠠᠯ ᠪᠠᠶᠢᠵᠤ᠂ ᠵᠢᠯ ᠤᠨ | ᠥᠢᠯᠡᠳᠪᠦᠷᠢᠯᠡᠬᠦ ᠨᠡᠭᠦᠷᠦᠰᠦᠳᠦᠷᠦᠭᠴᠢᠲᠦ ᠪᠠᠯ ᠴᠢᠯᠠᠭᠤ 1.5 ᠲᠦᠮᠡᠨ ᠲᠤᠨ᠃ ᠴᠢᠭᠢᠭᠯᠢᠭ ᠰᠢᠷᠣᠢ ᠶᠢᠨ ᠠᠭᠤᠷᠬᠠᠢ | ᠪᠣᠯ ᠤᠮᠠᠷᠠᠲᠤ ᠣᠷᠣᠨ ᠤ ᠠᠩᠬ᠎ᠠ ᠢᠯᠡᠷᠡᠭᠦᠯᠦᠭᠰᠡᠨ ᠲᠣᠮᠣ ᠬᠡᠯᠪᠡᠷᠢ ᠶᠢᠨ ᠠᠭᠤᠷᠬᠠᠢ ᠪᠣᠯᠣᠨ᠎ᠠ᠃ ᠮᠦᠨᠴᠦ | ᠣᠯᠣᠰ ᠤᠨ ᠨᠢᠭᠡᠳᠦᠭᠡᠷ ᠳᠡᠰ ᠤᠨ ᠴᠢᠭᠢᠭᠯᠢᠭ ᠰᠢᠷᠣᠢ ᠶᠢᠨ ᠠᠭᠤᠷᠬᠠᠢ ᠪᠣᠯᠣᠨ᠎ᠠ᠃ ᠨᠡᠶᠢᠲᠡ ᠪᠤᠯᠠᠭᠳᠠᠴᠠ ᠶᠢᠨ | ᠬᠠᠳᠠᠭᠠᠯᠠᠮᠵᠢ ᠨᠢ 1.7 ᠳ᠋ᠦᠩᠰᠢᠭᠤᠷ ᠲᠣᠨ ᠪᠠᠶᠢᠵᠤ᠂ ᠡᠬᠦᠨ ᠤ ᠳᠣᠲᠣᠷ᠎ᠠ ᠺᠠᠯᠼ ᠶᠢᠨ ᠰᠠᠭᠤᠷᠢ ᠰᠢᠷᠤᠢ 0.5 | ᠳ᠋ᠦᠩᠰᠢᠭᠤᠷ ᠲᠣᠨ᠂ ᠨᠠᠳ᠋ᠷᠢ ᠶᠢᠨ ᠰᠠᠭᠤᠷᠢ ᠰᠢᠷᠣᠢ 1.2 ᠳ᠋ᠦᠩᠰᠢᠭᠤᠷ ᠲᠣᠨ ᠡᠵᠡᠯᠡᠵᠤ ᠪᠠᠶᠢᠳᠠᠭ᠃ ᠣᠳᠣ | ᠬᠤᠶᠠᠷ ᠨᠡᠭᠡᠭᠡᠨ ᠬᠦᠭᠵᠢᠭᠦᠯᠵᠦ ᠪᠣᠯᠪᠠᠰᠤᠷᠠᠭᠤᠯᠬᠤ ᠠᠵᠣ ᠠᠬᠤᠶᠢᠯᠠᠯ ᠲᠠᠢ᠂ ᠵᠢᠯ ᠤᠨ ᠴᠢᠭᠢᠭᠯᠢᠭ ᠰᠢᠷᠣᠢ ᠶᠢᠨ | ᠭᠠᠷᠣᠯᠲᠠ 1.6 ᠲᠦᠮᠡᠨ ᠲᠣᠨ᠂ ᠨᠡᠪᠴᠡᠬᠦ ᠶᠢ ᠰᠡᠷᠭᠡᠶᠢᠯᠡᠬᠦ ᠬᠢᠪᠢᠰ 5000 ᠲᠡᠭᠰᠢ ᠲᠦᠷᠪᠡᠯᠵᠢᠨ ᠮᠧᠳ᠋ᠷ ᠪᠠᠶᠢᠨ᠎ᠠ | ᠃ | | ᠠᠮᠢᠲᠠᠨ ᠤᠷᠭᠤᠮᠠᠯ ᠤᠨ ᠡᠬᠢ ᠪᠠᠶᠠᠯᠢᠭ᠃ | ᠰᠢᠩ ᠾᠧ ᠰᠢᠶᠠᠨ ᠤ ᠬᠢᠯᠢ ᠳᠣᠳᠣᠷ᠎ᠠ ᠵᠡᠷᠯᠢᠭ ᠠᠮᠢᠲᠠᠨ ᠤ ᠡᠬᠢ ᠪᠠᠶᠠᠯᠢᠭ ᠨᠢ ᠭᠤᠣᠯᠳᠠᠭᠤ ᠵᠡᠷᠯᠢᠭ ᠲᠠᠥᠯᠠᠢ | ᠂ ᠪᠣᠷᠤ ᠭᠦᠷᠦᠬᠡᠰᠦ᠂ ᠬᠠᠳᠠᠨ ᠭᠤᠷᠭᠤᠣᠯ᠂ ᠠᠯᠠᠭ ᠬᠦᠵᠦᠭᠦᠲᠦ ᠭᠤᠷᠭᠤᠣᠯ ᠵᠡᠷᠭᠡ ᠪᠣᠢ᠃ ᠵᠡᠷᠯᠢᠭ ᠣᠷᠭᠤᠮᠠᠯ | ᠭᠤᠣᠯᠳᠠᠭᠤ ᠵᠡᠷᠯᠢᠭ ᠵᠢᠮᠢᠰ ᠤᠨ ᠮᠣᠳᠣ᠂ ᠠᠭᠤᠯᠠᠨ ᠳ᠋ᠢᠩ ᠽᠢ᠂ ᠠᠭᠤᠯᠠᠨ ᠯᠢ ᠽᠢ᠂ ᠠᠭᠤᠯᠠᠨ ᠢᠨᠲ᠋ᠣᠣᠷ᠂ | ᠠᠭᠤᠯᠠᠨ ᠲᠣᠯᠣᠨᠣ ᠵᠡᠷᠭᠡ ᠪᠣᠢ᠃ ᠡᠮ ᠳᠤ ᠣᠷᠣᠳᠠᠭ ᠵᠡᠷᠯᠢᠭ ᠣᠷᠭᠤᠮᠠᠯ ᠤᠨ ᠲᠦᠷᠦᠯ ᠣᠯᠠᠨ ᠪᠠᠶᠢᠵᠤ᠂ ᠡᠬᠦᠨ ᠳᠤ | ᠬᠠᠮᠤᠭ ᠨᠡᠷ᠎ᠡ ᠠᠯᠳᠠᠷᠲᠠᠢ ᠨᠢ ᠡᠮᠦᠨ᠎ᠡ ᠠᠭᠤᠯᠠ ᠶᠢᠨ ᠵᠧᠩ ᠪᠧᠢ ᠬᠤᠨᠴᠢᠷ᠃ ᠠᠮᠤ ᠪᠤᠳᠠᠭᠠᠨ ᠤ ᠲᠠᠷᠢᠮᠠᠯ ᠨᠢ | ᠭᠤᠣᠯᠳᠠᠭᠤ ᠲᠦᠮᠦᠰᠦ᠂ ᠡᠷᠳᠡᠨᠢ ᠰᠢᠰᠢ᠂ ᠢᠳᠡᠰᠢᠨ ᠨᠣᠭᠤᠭ᠎ᠠ᠂ ᠲᠣᠰᠣᠯᠢᠭ ᠣᠷᠭᠤᠮᠠᠯ ᠪᠣᠯᠣᠨ ᠪᠣᠰᠣᠳ | ᠬᠤᠯᠢᠮᠠᠭ ᠪᠣᠷᠴᠠᠭ᠂ ᠬᠤᠯᠢᠮᠠᠭ ᠠᠮᠤ᠂ ᠡᠭᠦᠨ ᠳᠤ ᠪᠦᠭᠡᠷᠡᠩᠭᠡᠢ ᠡᠰᠢᠲᠦ ᠨᠣᠭᠤᠭ᠎ᠠ᠂ ᠣᠷᠣᠰ ᠰᠣᠩᠭᠢᠨ᠎ᠠ᠂ | ᠣᠯᠠᠭᠠᠨ ᠯᠣᠣᠪᠠᠩ᠂ ᠴᠤᠭᠤᠷ ᠨᠤᠭᠤᠭ᠎ᠠ᠂ ᠴᠠᠭᠠᠨ ᠨᠣᠭᠤᠭ᠎ᠠ ᠪᠠᠷ ᠭᠤᠣᠯ ᠪᠣᠯᠭᠠᠭᠰᠠᠨ ᠢᠳᠡᠰᠢᠨ ᠨᠣᠭᠤᠭ᠎ᠠ ᠨᠢ | ᠥᠪᠡᠷᠲᠡᠭᠡᠨ ᠵᠠᠰᠠᠬᠤ ᠣᠷᠣᠨ ᠤ ᠪᠣᠬᠢᠷᠳᠣᠯ ᠦᠭᠡᠢ ᠲᠠᠷᠢᠶᠠᠯᠠᠩ ᠤᠨ ᠪᠦᠲᠦᠭᠡᠭᠳᠡᠭᠦᠨ ᠪᠠ ᠦᠢᠯᠡᠳᠪᠦᠷᠢᠯᠡᠬᠦ | ᠰᠠᠭᠤᠷᠢᠨ ᠭᠠᠵᠠᠷ᠂ ᠬᠤᠳᠠᠯᠳᠣᠨ ᠪᠣᠷᠤᠯᠠᠭᠤᠯᠬᠤ ᠴᠡᠭ ᠢ ᠠᠯᠪᠠᠨ ᠶᠣᠰᠣ ᠪᠠᠷ ᠪᠠᠳᠣᠯᠠᠬᠤ ᠪᠠ ᠣᠯᠣᠰ ᠤᠨ | ᠣᠷᠭᠠᠨᠢᠭ ᠲᠠᠷᠢᠶᠠᠯᠠᠩ ᠤᠨ ᠪᠦᠲᠦᠭᠡᠭᠳᠡᠭᠦᠨ ᠢ ᠬᠠᠯᠠᠬᠤ ᠵᠥᠪᠰᠢᠶᠡᠷᠡᠯ ᠢ ᠨᠢᠭᠡᠨᠲᠡ ᠣᠯᠭᠤᠭᠰᠠᠨ ᠪᠠᠶᠢᠨ᠎ᠠ᠃ | ᠲᠦᠮᠦᠰᠦ ᠶᠢᠨ ᠵᠢᠯ ᠤᠨ ᠭᠠᠷᠣᠯᠲᠠ ᠳᠣᠮᠳᠠᠴᠢ ᠪᠠᠷ 9 ᠳ᠋ᠦᠩᠰᠢᠭᠤᠷ ᠵᠢᠩ ᠪᠠᠶᠢᠵᠣ᠂ ᠪᠠᠰᠠ ᠪᠡᠶ᠎ᠡ ᠪᠠᠷ ᠲᠣᠮᠣ᠂ | ᠬᠡᠯᠪᠡᠷᠢ ᠪᠠᠶᠢᠳᠠᠯ ᠨᠢ ᠲᠡᠩᠴᠡᠭᠦᠷᠢᠲᠠᠢ᠂ ᠴᠠᠷᠳᠠᠭᠤᠯ ᠤᠨ ᠠᠭᠤᠯᠣᠭᠳᠠᠴᠠ ᠨᠢ ᠥᠨᠳᠥᠷ᠂ ᠪᠣᠬᠢᠷᠳᠠᠯ ᠦᠭᠡᠢ ᠵᠡᠷᠭᠡ | ᠣᠨᠴᠠᠯᠢᠭ ᠢᠶᠠᠷ ᠢᠶᠠᠨ ᠪᠡᠭᠡᠵᠢᠩ ᠲᠢᠶᠠᠨᠵᠢᠨ ᠵᠡᠷᠭᠡ ᠭᠠᠵᠠᠷ ᠤᠨ ᠲᠠᠭᠠᠰᠢᠶᠠᠯ ᠢ ᠬᠦᠷᠲᠡᠵᠠᠢ᠃ ᠶᠤᠤᠮᠠᠢ᠂ ᠰᠠᠭᠠᠳ ᠤᠨ | ᠭᠤᠯᠢᠷ᠂ ᠦᠬᠡᠷ ᠪᠣᠷᠴᠠᠭ᠂ ᠱᠤᠰᠢ ᠨᠢ ᠨᠣᠲᠤᠭ ᠤᠨ ᠣᠨᠴᠠ ᠭᠠᠷᠣᠯᠲᠠ ᠪᠠᠶᠢᠵᠣ᠂ ᠰᠢᠮ᠎ᠡ ᠲᠡᠵᠢᠭᠡᠯ ᠥᠨᠳᠥᠷ᠂ | ᠡᠷᠡᠬᠦᠯᠵᠡᠯ ᠤᠨ ᠦᠢᠯᠡᠳᠦᠯ ᠰᠠᠶᠢᠨ᠂ ᠪᠣᠬᠢᠷᠳᠣᠯ ᠦᠭᠡᠢ ᠵᠡᠷᠭᠡ ᠣᠨᠴᠠᠯᠢᠭ ᠲᠠᠢ᠃ ᠭᠡᠷ ᠤᠨ ᠲᠡᠵᠢᠭᠡᠪᠦᠷᠢ | ᠠᠮᠢᠲᠠᠨ ᠨᠢ ᠭᠤᠣᠯᠳᠠᠭᠤ ᠰᠦᠨ ᠤ ᠦᠨᠢᠶ᠎ᠡ᠂ ᠭᠠᠵᠠᠷ ᠣᠷᠣᠨ ᠤ ᠬᠤᠨᠢ᠂ ᠨᠣᠣᠯᠣᠷ ᠤᠨ ᠢᠮᠠᠭ᠎ᠠ᠂ ᠭᠠᠭ᠋ᠠᠢ᠂ | ᠲᠠᠥᠯᠠᠢ᠂ ᠣᠲᠣᠢ ᠲᠠᠬᠢᠶ᠎ᠠ᠂ ᠮᠢᠬᠠᠨ ᠤ ᠲᠠᠬᠢᠶ᠎ᠠ ᠵᠡᠷᠭᠡ ᠪᠣᠢ᠃ ᠡᠬᠦᠨ ᠳᠤ ᠰᠦᠨ ᠤ ᠦᠨᠢᠶᠡᠨ ᠤ ᠲᠤᠭ᠎ᠠ ᠨᠢ 3.2 | ᠲᠦᠮᠡ ᠪᠠᠶᠢᠵᠣ᠂ ᠮᠢᠬᠠᠨ ᠤ ᠬᠤᠨᠢᠨ ᠤ ᠲᠤᠭ᠎ᠠ ᠨᠢ 38.33 ᠲᠦᠮᠡ᠂ ᠭᠠᠭ᠋ᠠᠢ 6.72 ᠲᠦᠮᠡ᠃ 2009 | ᠣᠨ ᠤ ᠰᠡᠭᠦᠯᠴᠢ ᠶᠢᠨ ᠪᠦᠷᠢᠳᠬᠡᠭᠰᠡᠨ ᠣᠢ ᠰᠢᠭᠤᠢ ᠶᠢᠨ ᠪᠦᠷᠬᠦᠯᠲᠡ ᠶᠢᠨ ᠬᠡᠮᠵᠢᠶ᠎ᠡ ᠪᠠ ᠣᠢ ᠰᠢᠭᠤᠢ | ᠣᠷᠭᠤᠮᠠᠯ ᠤᠨ ᠪᠦᠷᠬᠦᠮᠵᠢ ᠲᠣᠰ ᠪᠦᠷᠢ 23.35% ᠪᠠ 47% ᠬᠦᠷᠦᠭᠰᠡᠨ ᠪᠠᠶᠢᠨ᠎ᠠ᠃ | | ᠵᠠᠮ ᠬᠠᠷᠢᠯᠴᠠᠭ᠎ᠠ᠂ ᠴᠢᠮᠡᠭᠡ ᠨᠡᠪᠲᠡᠷᠯᠡᠭᠡ᠂ ᠡᠨᠧᠷᠬᠢ ᠶᠢᠨ ᠰᠣᠷᠪᠣᠯᠵᠢ᠃ | ᠰᠢᠩ ᠾᠧ ᠰᠢᠶᠠᠨ ᠤ ᠵᠠᠮ ᠬᠠᠷᠢᠯᠴᠠᠭ᠎ᠠ ᠲᠡᠭᠡᠭᠡᠪᠦᠷᠢ ᠨᠢ ᠵᠠᠰᠠᠮᠠᠯ ᠵᠠᠮ ᠢᠶᠠᠷ ᠭᠤᠣᠯ ᠪᠣᠯᠭᠠᠵᠣ᠂ 110 | ᠳ᠋ᠤᠭᠠᠷ ᠣᠯᠣᠰ ᠤᠨ ᠵᠠᠮ ᠪᠠ ᠪᠡᠭᠡᠵᠢᠩ ᠲᠥᠪᠡᠳ ᠤᠨ ᠦᠨᠳᠥᠷ ᠬᠤᠷᠳᠣᠴᠠᠲᠣ ᠵᠠᠰᠠᠮᠠᠯ ᠵᠠᠮ ᠨᠢ ᠰᠢᠶᠠᠨ ᠤ | ᠳᠣᠮᠳᠠᠭᠤᠷ ᠵᠠᠭᠦᠨᠰᠢ ᠪᠠᠷᠠᠭᠤᠨᠰᠢ ᠬᠦᠨᠳᠡᠯᠢᠨ ᠢᠶᠠᠷ ᠦᠩᠭᠡᠷᠡᠳᠡᠩ᠃ ᠪᠦᠬᠦ ᠰᠢᠶᠠᠨ ᠤ ᠵᠠᠰᠠᠮᠠᠯ ᠵᠠᠮ ᠤᠨ ᠨᠡᠶᠢᠲᠡ | ᠣᠷᠲᠣ ᠨᠢ 1144 ᠺᠢᠯᠣᠮᠧᠳ᠋ᠷ᠂ ᠨᠢᠭᠳᠠᠴᠠ ᠶᠢᠨ ᠬᠡᠮᠵᠢᠶ᠎ᠡ ᠲᠡᠭᠰᠢ ᠲᠦᠷᠪᠡᠯᠵᠢᠨ ᠺᠢᠯᠣᠮᠧᠳ᠋ᠷ ᠪᠦᠷᠢ ᠳᠤ 37.8% | ᠬᠦᠷᠳᠡᠭ᠃ ᠪᠡᠭᠡᠵᠢᠩ ᠯᠠᠨᠵᠧᠦ ᠶᠢᠨ ᠭᠡᠷᠡᠯ ᠲᠠᠳᠣᠯᠭ᠎ᠠ ᠴᠢᠮᠡᠭᠡ ᠨᠡᠪᠲᠡᠷᠡᠯᠭᠡ ᠶᠢᠨ ᠭᠤᠣᠯ ᠱᠤᠭᠤᠮ ᠬᠢᠯᠢ ᠲᠤᠮᠳᠠᠭᠤᠷ | ᠦᠩᠭᠡᠷᠡᠳᠡᠭ᠃ ᠪᠦᠬᠦ ᠰᠢᠶᠠᠩ ᠪᠠᠯᠭᠠᠰᠤ ᠡᠵᠡᠮᠰᠢᠯᠲᠣ ᠣᠲᠠᠰᠣ ᠪᠠ ᠤᠲᠠᠰᠣᠲᠣ ᠲᠧᠯᠸᠢᠰ ᠢ ᠨᠡᠭᠡᠭᠡᠵᠦ | ᠨᠡᠪᠲᠡᠷᠡᠭᠦᠯᠦᠨ᠂ ᠰᠢᠯᠵᠢᠮᠡᠯ ᠬᠤᠯᠪᠣᠭ᠎ᠠ ᠰᠥᠯᠵᠢᠶ᠎ᠡ ᠶᠢᠨ ᠪᠦᠷᠬᠦᠴᠡ ᠪᠦᠬᠦ ᠬᠢᠯᠢ ᠣᠷᠣᠨ ᠢ ᠪᠦᠷᠬᠦᠳᠡᠭ᠃ ᠪᠦᠬᠦ | ᠰᠢᠶᠠᠨ 220 ᠺᠢᠯᠣᠸᠠᠲ ᠴᠠᠬᠢᠯᠭᠠᠨ ᠬᠤᠪᠢᠰᠬᠠᠭᠤᠷ ᠤᠨ ᠦᠷᠲᠡᠭᠡ ᠨᠢᠭᠡ ᠰᠠᠭᠤᠷᠢ᠂ 110 ᠺᠢᠯᠤᠸᠠᠲ ᠴᠠᠬᠢᠯᠭᠠᠨ | ᠬᠤᠪᠢᠰᠬᠠᠭᠤᠷ ᠤᠨ ᠦᠷᠲᠡᠭᠡ 2 ᠰᠠᠭᠤᠷᠢ᠂ 35 ᠺᠢᠯᠣᠸᠠᠲ ᠴᠠᠬᠢᠯᠭᠠᠨ ᠬᠤᠪᠢᠰᠬᠠᠭᠤᠷ ᠤᠨ ᠦᠷᠲᠡᠭᠡ ᠶᠢᠰᠦᠨ | ᠰᠠᠭᠤᠷᠢ ᠪᠠᠶᠢᠵᠤ᠂ ᠮᠠᠰᠢᠨ ᠴᠣᠭᠴᠠᠯᠠᠪᠤᠷᠢ ᠶᠢᠨ ᠪᠠᠭᠲᠠᠭᠠᠮᠵᠢ 73250 ᠺᠢᠯᠤᠸᠠᠲ ᠪᠣᠯᠣᠨ᠎ᠠ᠃ | | ᠬᠦᠮᠦᠨ ᠰᠤᠶᠤᠯ ᠪᠠ ᠪᠠᠶᠢᠭᠠᠯᠢ ᠶᠢᠨ ᠦᠵᠡᠮᠵᠢ᠃ | ᠰᠢᠩ ᠾᠧ ᠰᠢᠶᠠᠨ ᠠᠴᠠ ᠪᠠᠷᠠᠭᠤᠨ ᠡᠮᠦᠨᠡᠰᠢ 40 ᠺᠢᠯᠣᠮᠧᠳ᠋ᠷ ᠵᠠᠶᠢᠲᠠᠢ ᠪᠠᠶᠢᠭ᠎ᠠ ᠰᠤᠮᠤᠨ ᠠᠭᠤᠯᠠ ᠨᠢ | ᠣᠮᠠᠷᠠᠲᠤ ᠣᠷᠣᠨ ᠤ ᠬᠠᠮᠤᠭ ᠶᠡᠭᠡ ᠬᠦᠮᠦᠨ ᠤ ᠬᠦᠴᠦ ᠪᠠᠷ ᠪᠤᠶᠢᠵᠢᠭᠤᠯᠣᠭᠰᠠᠨ ᠣᠢ ᠰᠢᠭᠤᠢ ᠪᠣᠯᠣᠨ᠎ᠠ᠃ ᠥᠪᠥᠷ | ᠮᠣᠩᠭᠤᠯ ᠤᠨ ︽ᠬᠤᠶᠠᠳᠤᠭᠠᠷ ᠪᠠᠭ᠎ᠠ ᠬᠢᠩᠭᠠᠨ ᠳᠠᠪᠠᠭ᠎ᠠ︾ ᠭᠡᠵᠤ ᠨᠡᠷᠡᠶᠢᠳᠡᠳᠡᠭ᠃ ᠪᠦᠬᠦ ᠲᠠᠯᠠᠪᠠᠢ ᠨᠢ 32 | ᠲᠦᠮᠡᠨ ᠮᠦ᠂ ᠣᠢ ᠮᠣᠳᠤ ᠲᠠᠢ ᠲᠠᠯᠠᠪᠠᠢ ᠨᠢ 22.72 ᠲᠦᠮᠡᠨ ᠮᠦ᠂ ᠣᠢ ᠰᠢᠭᠤᠢ ᠶᠢᠨ ᠪᠦᠷᠬᠦᠴᠡ ᠨᠢ 71% | ᠬᠦᠷᠴᠦ᠂ ︽ᠪᠠᠶᠢᠭᠠᠯᠢᠯᠢᠭ ᠬᠦᠴᠢᠯᠳᠦᠷᠦᠭᠴᠢ ᠶᠢᠨ ᠪᠠᠭᠠᠷ︾ ᠭᠡᠰᠡᠨ ᠨᠡᠷ᠎ᠡ ᠲᠠᠢ᠂ ᠪᠦᠬᠦ ᠰᠢᠶᠠᠨ ᠤ ᠬᠠᠮᠤᠭ | ᠥᠨᠳᠥᠷ ᠣᠷᠭᠢᠯ ᠪᠣᠯᠬᠤ ᠬᠤᠸᠠᠩ ᠱᠢ ᠶᠠ ᠬᠠᠳᠠ᠂ ᠡᠬᠡ ᠪᠠᠶᠢᠭᠠᠯᠢ ᠠᠴᠠ ᠪᠦᠲᠦᠭᠡᠭᠳᠡᠭᠰᠡᠨ ︽ᠯᠠᠮᠠ ᠶᠢᠨ ᠠᠭᠤᠢ︾ | ᠂ ︽ᠡᠮᠦᠨ᠎ᠡ ᠲᠡᠭᠷᠢ ᠶᠢᠨ ᠡᠭᠦᠳᠡ︾᠂ ︽ᠠᠮᠠᠷᠠᠭ ᠬᠤᠣᠰ ᠤᠨ ᠴᠢᠯᠠᠭᠤ︾᠂ ︽ᠮᠢᠩᠭᠠᠨ ᠵᠢᠯ ᠤᠨ ᠶᠠᠰᠤᠲᠤ | ᠮᠡᠯᠡᠬᠡᠢ︾᠂ ︽ᠰᠠᠬᠢᠭᠤᠯᠰᠣᠨ ᠬᠦᠯᠦᠭ ᠤᠨ ᠲᠣᠭᠤᠷᠠᠢ︾ ᠵᠡᠷᠭᠡ ᠦᠵᠡᠮᠵᠢ ᠪᠣᠢ᠃ 110 ᠳ᠋ᠤᠭᠠᠷ ᠣᠯᠣᠰ ᠤᠨ | ᠵᠠᠮ ᠤᠨ ᠬᠠᠵᠠᠭᠤᠳᠠᠬᠢ ᠯᠣᠣ ᠯᠢ ᠬᠠᠢ᠂ ᠣᠰᠣᠨ ᠭᠠᠳᠠᠷᠭᠤ ᠶᠢᠨ ᠪᠦᠬᠦ ᠲᠠᠯᠠᠪᠠᠢ ᠨᠢ 1360 ᠮᠦ᠂ ᠨᠡᠶᠢᠲᠡ | ᠭᠤᠷᠪᠠᠨ ᠶᠡᠭᠡ ᠪᠠᠭ᠎ᠠ ᠨᠠᠭᠤᠷ ᠢᠶᠠᠷ ᠪᠦᠷᠢᠯᠳᠦᠨ ᠪᠦᠲᠦᠭᠰᠡᠨ᠂ ᠵᠢᠭᠠᠰᠣ ᠵᠢᠷᠠᠭᠠᠬᠠᠢ ᠦᠷᠡᠵᠢᠨ ᠣᠯᠠᠰᠢᠷᠠᠬᠤ᠂ | ᠬᠤᠪᠣᠷ ᠴᠤᠬᠠᠭ ᠵᠢᠭᠦᠷᠲᠡᠨ ᠤ ᠣᠷᠣᠰᠢᠨ ᠲᠣᠭᠲᠠᠨᠢᠬᠤ ᠲᠣᠬᠢᠷᠠᠮᠵᠢᠲᠠᠢ ᠣᠷᠣᠨ᠂ ᠥᠪᠡᠷᠳᠡᠭᠡᠨ ᠵᠠᠰᠠᠬᠤ ᠣᠷᠣᠨ ᠤ | ᠠᠶᠠᠯᠠᠯ ᠵᠢᠭᠤᠯᠴᠢᠯᠠᠯ ᠤᠨ ᠲᠦᠯᠦᠪᠵᠢᠭᠦᠯᠭᠡ᠂ ᠯᠣᠣ ᠯᠢ ᠬᠠᠢ ᠶᠢ ᠲᠦᠷᠪᠡᠳᠦᠭᠡᠷ ᠳᠡᠰ ᠤᠨ ᠠᠶᠠᠯᠠᠯ | ᠵᠢᠭᠤᠯᠴᠢᠯᠠᠯ ᠤᠨ ᠡᠬᠢ ᠪᠠᠶᠠᠯᠢᠭ ᠢᠶᠠᠷ ᠪᠠᠲᠣᠯᠠᠭᠰᠠᠨ ᠶᠤᠮ᠂ 2004 ᠣᠨ ᠠᠴᠠ ᠡᠬᠢᠯᠡᠨ ᠲᠠᠯ᠎ᠠ ᠨᠣᠲᠤᠭ ᠤᠨ | ᠦᠨᠳᠦᠰᠦᠲᠡᠨ ᠤ ᠣᠨᠴᠠᠯᠢᠭ ᠢᠶᠠᠷ ᠭᠤᠣᠯ ᠪᠣᠯᠭᠠᠭᠰᠠᠨ ᠠᠶᠠᠯᠠᠯ ᠵᠢᠭᠤᠯᠴᠢᠯᠠᠯ ᠤᠨ ᠲᠦᠷᠦᠯ ᠵᠦᠢᠯ ᠨᠡᠭᠡᠭᠡᠨ᠂ ᠣᠳᠣ | ᠨᠢᠭᠡᠨᠲᠡ ᠳᠣᠬᠢᠷᠠᠭᠰᠠᠨ ᠬᠡᠮᠵᠢᠶᠡᠨ ᠤ ᠵᠣᠴᠢᠯᠠᠬᠤ ᠴᠢᠳᠠᠪᠣᠷᠢ ᠲᠠᠢ ᠪᠣᠯᠣᠭᠰᠠᠨ ᠪᠠᠶᠢᠨ᠎ᠠ᠃ | | ᠤᠷᠴᠢᠭᠤᠯᠤᠭᠴᠢ᠄ ᠰᠣᠷᠭᠤᠭ | | | | | | | | |