ᠰᠢᠩ ᠾᠧ ᠰᠢᠶᠠᠨ ᠤ ᠣᠷᠣᠨ ᠪᠠᠶᠢᠴᠠ ᠵᠠᠮ ᠬᠠᠷᠢᠯᠴᠠᠭ᠎ᠠ
ᠨᠡᠶᠢᠲᠡᠯᠡᠭᠰᠡᠨ ᠴᠠᠭ᠄
2019-07-12
      ᠰᠢᠩ ᠾᠧ ᠰᠢᠶᠠᠨ ᠨᠢ ᠤᠯᠠᠭᠠᠨᠴᠠᠪ᠂ ᠳ᠋ᠠ ᠲᠥᠩ᠂ ᠴᠢᠭᠤᠯᠭᠠᠲᠤ ᠬᠠᠭᠠᠯᠭ᠎ᠠ ᠭᠤᠷᠪᠠᠨ ᠬᠤᠲᠠ ᠶᠢᠨ ᠠᠭᠤᠯᠵᠠᠭᠤᠷ ᠣᠷᠣᠨ ᠳᠤ ᠪᠠᠶᠢᠷᠢᠯᠠᠵᠦ᠂ ᠵᠡᠭᠦᠨᠰᠢ ᠨᠡᠶᠢᠰᠯᠡᠯ ᠪᠡᠭᠡᠵᠢᠩ ᠠᠴᠠ 240 ᠺᠢᠯᠣᠮᠧᠳ᠋ᠷ᠂ ᠪᠠᠷᠠᠭᠤᠨᠰᠢ ᠣᠷᠣᠨ ᠤ ᠲᠥᠪ ᠬᠦᠬᠡᠬᠤᠲᠡ ᠠᠴᠠ 220 ᠺᠢᠯᠣᠮᠧᠳ᠋ᠷ᠂ ᠡᠮᠦᠨᠡᠰᠢ ᠱᠠᠨ ᠰᠢ ᠮᠤᠵᠢ ᠶᠢᠨ ᠳ᠋ᠠ ᠲᠥᠩ ᠠᠴᠠ 150 ᠺᠢᠯᠣᠮᠧᠳ᠋ᠷ᠂ ᠪᠠᠷᠠᠭᠤᠨ ᠬᠤᠶᠢᠰᠢ ᠤᠯᠠᠭᠠᠨᠴᠠᠪ ᠠᠴᠠ 45 ᠺᠢᠯᠣᠮᠧᠳ᠋ᠷ᠂ ᠵᠡᠭᠦᠨ ᠡᠮᠦᠨᠡᠰᠢ ᠴᠢᠭᠤᠯᠭᠠᠲᠣ ᠬᠠᠭᠠᠯᠭ᠎ᠠ ᠠᠴᠠ 100 ᠺᠢᠯᠣᠮᠧᠳ᠋ᠷ ᠵᠠᠶᠢᠲᠠᠢ᠃ ᠳᠤᠮᠳᠠᠳᠣ ᠤᠯᠣᠰ ᠤᠨ ᠪᠠᠷᠠᠭᠤᠨ ᠣᠷᠣᠨ ᠪᠣᠯᠣᠨ ᠥᠪᠥᠷ ᠮᠣᠩᠭᠤᠯ ᠤᠨ ᠨᠡᠶᠢᠰᠯᠡᠯ ᠪᠡᠭᠡᠵᠢᠩ ᠠᠴᠠ ᠬᠠᠮᠤᠭ ᠤᠨ ᠣᠶᠢᠷ᠎ᠠ ᠰᠢᠶᠠᠨ ᠶᠤᠮ᠃ 110 ᠳ᠋ᠤᠭᠠᠷ ᠣᠯᠣᠰ ᠤᠨ ᠵᠠᠮ᠂ ᠵᠢᠩ ᠽᠠᠩ ᠥᠨᠳᠥᠷ ᠬᠤᠷᠳᠤᠴᠠᠲᠤ ᠵᠠᠰᠠᠮᠠᠯ ᠵᠠᠮ ︵G6︶᠂ ᠵᠢᠩ ᠰᠢᠨ ᠥᠨᠳᠥᠷ ᠬᠤᠷᠳᠤᠴᠠᠲᠤ ᠵᠠᠰᠠᠮᠠᠯ ᠵᠠᠮ ︵G7︶᠂ ᠶᠢ ᠵᠠᠩ ᠲᠡᠮᠦᠷ ᠵᠠᠮ᠂ ᠲᠣᠭᠲᠠᠬᠤ ᠰᠢᠶᠠᠨ ᠠᠴᠠ ᠰᠢᠩ ᠾᠧ ᠬᠦᠷᠬᠦ ᠨᠡᠭᠦᠷᠡᠰᠦ ᠵᠦᠭᠡᠪᠦᠷᠢᠯᠡᠬᠦ ᠬᠦᠨᠳᠦ ᠠᠴᠢᠶᠠᠲᠤ ᠥᠨᠳᠥᠷ ᠬᠤᠷᠳᠤᠴᠠᠲᠤ ᠵᠠᠰᠠᠮᠠᠯ ᠵᠠᠮ ᠰᠢᠩ ᠾᠧ ᠰᠢᠶᠠᠨ ᠳᠤ ᠨᠡᠪᠲᠡᠷᠡᠵᠦ᠂ ᠪᠡᠭᠡᠵᠢᠩ ᠠᠴᠠ ᠬᠦᠬᠡᠬᠤᠲᠠ ᠬᠦᠷᠬᠦ ᠰᠤᠮᠤᠨ ᠭᠠᠯᠲᠤ ᠲᠡᠷᠭᠡ ᠪᠠᠶᠢᠭᠤᠯᠥᠭ᠌ᠳᠠᠵᠤ ᠪᠠᠶᠢᠨ᠎ᠠ᠃ ᠵᠢᠨᠢᠩ ᠠᠴᠠ ᠱᠠᠩᠲᠤ ᠬᠦᠷᠬᠦ ᠵᠠᠮ᠂ ᠰᠢᠩ ᠾᠧ ᠠᠴᠠ ᠹᠤᠩᠵᠤᠨ ᠬᠦᠷᠬᠦ ᠵᠠᠮ᠂ ᠰᠤᠮᠤᠨ ᠠᠭᠤᠯᠠ ᠶᠢᠨ ᠵᠢᠭᠤᠯᠴᠢᠯᠠᠯ ᠤᠨ ᠵᠠᠮ ᠱᠤᠭᠤᠮ ᠵᠡᠷᠭᠡ 14 ᠵᠠᠮ ᠬᠠᠷᠢᠴᠠᠭᠠᠨ ᠤ ᠱᠣᠭᠤᠮ ᠬᠦᠨᠳᠡᠯᠢᠰᠢᠨ ᠵᠦᠷᠢᠯᠳᠦᠵᠦ᠂ ᠲᠦᠷᠪᠡᠨ ᠵᠦᠭ ᠨᠠᠢᠮᠠᠨ ᠵᠤᠪᠬᠢᠰ ᠲᠤ ᠨᠡᠪᠲᠡᠷᠡᠨ᠎ᠡ᠃                                                                                        ᠤᠷᠴᠢᠭᠤᠯᠤᠭᠴᠢ᠄ ᠰᠣᠷᠭᠤᠭ
 
ᠢᠷᠡᠯᠲᠡ᠄ ᠰᠢᠩ ᠾᠧ ᠰᠢᠶᠠᠨ ᠤ ᠵᠠᠰᠠᠭ ᠤᠨ ᠤᠷᠳᠤᠨ ᠤ ᠬᠢᠲᠠᠳ ᠲᠤᠤᠷ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3