ᠨᠠᠷᠠᠨ ᠳᠤ ᠰᠢᠷᠠᠬᠳᠠᠵᠤ ᠰᠢᠷᠬᠠᠯᠠᠭᠰᠠᠨ ᠤ ᠰᠡᠭᠦᠯᠡᠷᠬᠢ ᠪᠠᠴᠢᠮ ᠵᠠᠰᠠᠯᠲᠠ ᠶᠢᠨ ᠠᠷᠭ᠎ᠠ
ᠨᠡᠶᠢᠲᠡᠯᠡᠭᠰᠡᠨ ᠴᠠᠭ᠄
2019-04-14
     ᠨᠢᠭᠡ᠂ ᠨᠠᠷᠠᠨ ᠳᠤ ᠶᠠᠪᠤᠭᠠᠳ ᠠᠷᠠᠰᠤ ᠬᠤᠷᠤᠰᠴᠤ ᠤᠯᠠᠶᠢᠬᠤ ᠪᠠᠶᠢᠳᠠᠯ ᠭᠠᠷᠪᠠᠯ ᠳᠠᠷᠦ᠋ᠢᠬᠠᠨ ᠨᠠᠷᠠᠨ ᠠᠴᠠ ᠬᠠᠯᠬᠠᠯᠠᠬᠤ ᠠᠷᠭ᠎ᠠ ᠬᠡᠮᠵᠢᠶ᠎ᠠ ᠠᠪᠬᠤ ᠭᠡᠷᠡᠭᠳᠡᠢ᠃ ᠬᠡᠷᠪᠡ ᠦᠷᠭᠦᠯᠵᠢᠯᠡᠨ ᠨᠠᠷᠠᠨ ᠳᠤ ᠰᠢᠷᠠᠭᠳᠠᠬᠤ ᠳᠤ ᠬᠦᠷᠪᠡᠯ ᠰᠢᠷᠬᠠᠳᠤᠯ ᠨᠢ ᠤᠯᠠᠮ ᠬᠦᠨᠳᠦᠷᠡᠳᠡᠭ᠂ ᠨᠠᠷᠠᠨ ᠤ ᠰᠢᠷᠬᠠᠳᠤᠯ ᠤᠨ ᠬᠦᠭᠵᠢᠯᠳᠡ ᠶᠢᠨ ᠶᠠᠪᠤᠴᠠ ᠨᠢ ᠪᠠᠷᠤᠭ 4 - 6 ᠴᠠᠭ ᠪᠠᠶᠢᠳᠠᠭ ᠪᠤᠯᠬᠤᠷ ᠭᠡᠳᠦᠢ ᠡᠷᠳᠡ ᠠᠷᠭ᠎ᠠ ᠬᠡᠮᠵᠢᠶ᠎ᠠ ᠠᠪᠤᠪᠠᠯ ᠳᠡᠳᠦᠢ ᠰᠠᠶᠢᠨ᠃      ᠬᠤᠶᠠᠷ᠂ ᠬᠦᠢᠳᠡᠨ ᠤᠰᠤ ᠪᠠᠷ ᠱᠠᠪᠰᠢᠵᠤ ᠴᠢᠭᠢᠭ ᠢ ᠬᠠᠮᠠᠭᠠᠯᠠᠬᠤ ᠣ ᠳᠦᠷᠭᠢᠨ᠎ᠠ᠃ ᠠᠩᠬᠠᠷ︕ ᠮᠦᠰᠦ ᠭᠡᠷᠡᠭᠯᠡᠵᠦ ᠪᠤᠯᠬᠤ ᠦᠭᠡᠢ᠂ ᠠᠯᠴᠢᠭᠤᠷ ᠢᠶᠠᠨ ᠬᠦᠷᠦᠭᠡᠭᠦᠷ ᠲᠤ ᠬᠢᠵᠦ ᠭᠦᠢᠳᠡᠨ ᠪᠤᠯᠭᠠᠭᠠᠳ ᠰᠢᠷᠠᠭᠳᠠᠭᠰᠠᠨ ᠭᠠᠵᠠᠷ ᠢᠶᠠᠨ ᠳᠠᠷᠤᠵᠤ ᠪᠤᠯᠤᠨ᠎ᠠ᠃ ᠳᠠᠬᠢᠨ ᠳᠠᠪᠳᠠᠨ ᠴᠢᠭᠢᠭ ᠢ ᠬᠠᠮᠠᠭᠠᠯᠠᠬᠤ ᠣ ᠳᠦᠷᠭᠢᠪᠡᠯ ᠠᠷᠠᠰᠤ ᠬᠠᠭᠤᠷᠬᠤ ᠶᠢ ᠪᠠᠭᠠᠰᠬᠠᠵᠤ ᠪᠤᠯᠳᠠᠭ᠂ ᠸᠢᠲ᠋ᠠᠮᠢᠨ C᠂ E ᠡᠯᠪᠡᠭ ᠠᠭᠤᠯᠤᠭᠰᠠᠨ ᠪᠦᠲᠦᠭᠡᠭᠳᠡᠭᠦᠨ ᠭᠡᠷᠡᠭᠯᠡᠪᠡᠯ ᠰᠠᠶᠢᠨ᠃      ᠭᠤᠷᠪᠠ᠂ ᠬᠦᠨᠳᠦ ᠭᠡᠴᠡᠭᠦᠦ ᠰᠢᠷᠠᠭᠳᠠᠵᠤ ᠴᠦᠪᠦᠷᠢᠭᠦᠦ ᠭᠠᠷᠬᠤ ᠳᠤ ᠬᠦᠷᠪᠡᠯ ᠪᠡᠶ᠎ᠡ ᠶᠢᠨ ᠤᠰᠤ ᠠᠯᠳᠠᠭᠳᠠᠳᠠᠭ᠂ ᠤᠰᠤ ᠢᠯᠡᠭᠦᠦ ᠨᠦᠬᠦᠪᠡᠯ ᠵᠤᠬᠢᠨ᠎ᠠ᠃ ᠬᠡᠦᠬᠡᠳ ᠤᠨᠴᠠᠭᠠᠢᠢᠯᠠᠨ ᠠᠩᠬᠠᠷᠬᠤ ᠭᠡᠷᠡᠭᠳᠡᠢ᠃ ᠨᠠᠷᠠᠨ ᠳᠤ ᠰᠢᠷᠠᠭᠳᠠᠵᠤ ᠴᠦᠪᠦᠷᠢᠭᠦᠦ ᠭᠠᠷᠤᠭᠰᠠᠨ ᠭᠠᠵᠠᠷ ᠨᠢ ᠪᠡᠶ᠎ᠡ ᠶᠢᠨ 20% ︵ᠬᠡᠦᠬᠡᠳ ᠤᠨ ᠪᠦᠬᠦᠯᠢ ᠨᠢᠷᠦᠭᠤᠨ ᠤ ᠭᠡᠰᠡᠭ ᠲᠠᠢ ᠪᠠᠷᠤᠭ ᠳᠡᠩᠴᠡᠨ᠎ᠠ︶ ᠠᠴᠠ ᠲᠠᠪᠠᠭᠰᠠᠨ ᠪᠠᠶᠢᠳᠠᠯ ᠳᠤ ᠡᠮᠨᠡᠯᠭᠡ ᠳᠤ ᠤᠴᠢᠪᠠᠯ ᠵᠤᠬᠢᠨ᠎ᠠ᠃      ᠳᠦᠷᠪᠡ᠂ ᠨᠠᠷᠠᠨ ᠳᠤ ᠰᠢᠷᠠᠭᠳᠠᠪᠠᠯ ᠠᠷᠠᠰᠤ ᠬᠡᠪᠡᠷᠡᠭ ᠪᠤᠯᠳᠠᠭ᠂ ᠳᠡᠶᠢᠮᠦ ᠠᠴᠠ ᠪᠡᠶ᠎ᠡ ᠤᠭᠢᠶᠠᠬᠤ ᠳᠠᠭᠠᠨ ᠰᠢᠷᠠᠭᠳᠠᠭᠰᠠᠨ ᠭᠡᠰᠡᠭ ᠢᠶᠠᠨ ᠭᠡᠳᠦ ᠰᠢᠷᠦᠭᠦᠨ ᠨᠢᠳᠭᠡᠷᠴᠦ ᠠᠷᠴᠢᠬᠤ ᠦᠭᠡᠢ ᠪᠠᠶᠢᠬᠤ ᠶᠢ ᠬᠢᠴᠢᠶᠡᠵᠦ᠂ ᠰᠢᠷᠬᠠᠯᠠᠵᠤ ᠦᠷᠪᠢᠰᠦᠯᠡᠬᠦ ᠠᠴᠠ ᠰᠡᠷᠭᠡᠶᠢᠯᠡᠬᠦ ᠭᠡᠷᠡᠭᠳᠡᠢ᠃                                    ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ                                    ᠪᠡᠯᠡᠳᠬᠡᠭᠰᠡᠨ ᠨᠢ᠄ ᠰᠣᠷᠭᠤᠭ
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3