ᠸᠢᠲ᠋ᠠᠮᠢᠨ D᠎ ᠨᠢ ᠪᠥᠳᠦᠭᠦᠨ ᠬᠡᠳᠡᠰᠦᠨ ᠤ ᠦᠮᠡᠨ ᠢ ᠰᠡᠷᠭᠡᠶᠢᠯᠡᠵᠦ ᠴᠢᠳᠠᠨ᠎ᠠ
ᠨᠡᠶᠢᠲᠡᠯᠡᠭᠰᠡᠨ ᠴᠠᠭ᠄
2019-03-12
     ᠣᠯᠠᠨ ᠤ ᠮᠡᠳᠡᠭᠡᠵᠢ ᠪᠠᠷ᠂ ᠸᠢᠲ᠋ᠠᠮᠢᠨ D᠎ ᠨᠢ ᠠᠷᠤᠭ ᠶᠠᠰᠤᠨ ᠤ ᠴᠢᠬᠢᠷᠠᠭᠵᠢᠬᠤ ᠳᠤ ᠠᠰᠢᠭᠲᠠᠢ᠃ ᠭᠡᠲᠡᠯ᠎ᠡ ᠠᠮᠧᠷᠢᠺᠠ ᠶᠢᠨ ᠺᠠᠯᠢᠪᠤᠷᠨᠢᠶ᠎ᠠ ᠶᠡᠭᠡ ᠰᠤᠷᠭᠠᠭᠤᠯᠢ ᠶᠢᠨ ᠰᠠᠨᠲ᠋ᠢᠶᠠᠭᠣ᠋ ᠬᠤᠪᠢᠶᠠᠷᠢ ᠰᠤᠷᠭᠠᠭᠤᠯᠢ ᠶᠢᠨ ᠰᠢᠨᠡᠬᠡᠨ ᠰᠤᠳᠤᠯᠭᠠᠨ ᠠᠴᠠ᠄ ᠵᠣᠬᠢᠬᠤ ᠬᠡᠮᠵᠢᠶᠡᠨ ᠤ ᠸᠢᠲ᠋ᠠᠮᠢᠨ D ᠨᠥᠬᠦᠪᠦᠷᠢᠯᠡᠬᠦ ᠨᠢ ᠪᠠᠰᠠ ᠰᠢᠯᠤᠭᠤᠨ ᠬᠡᠳᠡᠰᠦᠨ ᠤ ᠦᠮᠡᠨ ᠢ ᠰᠡᠷᠭᠡᠶᠢᠯᠡᠬᠦ ᠳᠤ ᠠᠰᠢᠭᠲᠠᠢ ᠭᠡᠵᠦ ᠳ᠋ᠦᠩᠨᠡᠭᠰᠡᠨ ᠪᠠᠶᠢᠨ᠎ᠠ᠃ ᠰᠣᠳᠣᠯᠭᠠᠴᠢᠳ ᠠᠳᠠᠯᠢ ᠪᠤᠰᠤ ᠭᠠᠵᠠᠷ ᠤᠷᠤᠨ ᠪᠠ ᠣᠯᠣᠰ ᠤᠨ ᠰᠠᠭᠤᠭᠠᠯᠢ ᠠᠷᠠᠳ ᠤᠨ ᠴᠢᠰᠦ ᠬᠢᠭᠡᠳ ᠡᠷᠡᠭᠦᠯ ᠮᠡᠨᠳᠦ ᠶᠢᠨ ᠪᠠᠶᠢᠳᠠᠯ ᠢ ᠬᠠᠷᠢᠴᠠᠭᠤᠯᠤᠭᠠᠳ ᠂ ᠴᠢᠰᠤᠨ ᠳᠠᠬᠢ ᠸᠢᠲ᠋ᠠᠮᠢᠨ D᠎ ᠤᠨ ᠠᠭᠤᠯᠤᠭᠳᠠᠴᠠ ᠦᠨᠳᠦᠷ ᠬᠦᠮᠦᠰ ᠤᠨ ᠰᠢᠯᠤᠭᠤᠨ ᠬᠡᠳᠡᠰᠦᠨ ᠤ ᠦᠮᠡᠨ ᠳᠤ ᠨᠡᠷᠪᠡᠭᠳᠡᠬᠦ ᠪᠣᠯᠣᠮᠵᠢ ᠨᠢ ᠪᠠᠭ᠎ᠠ᠂ ᠡᠰᠡᠷᠭᠦ ᠪᠠᠷ ᠠᠭᠤᠯᠤᠭᠳᠠᠴᠠ ᠪᠠᠭ᠎ᠠ ᠬᠦᠮᠦᠰ ᠤᠨ ᠦᠮᠡᠨ ᠳᠤ ᠨᠡᠷᠪᠡᠭᠳᠡᠬᠦ ᠪᠣᠯᠣᠮᠵᠢ ᠨᠢ ᠨᠡᠩ ᠶᠡᠭᠡ ᠭᠡᠵᠦ ᠢᠯᠡᠷᠡᠭᠦᠯᠪᠡ᠃ ᠸᠢᠲ᠋ᠠᠮᠢᠨ D᠎ ᠨᠢ 200 ᠭᠠᠷᠤᠢ ᠭᠧᠨ ᠤ ᠢᠯᠡᠷᠬᠡᠶᠢᠯᠡᠯᠲᠡ ᠶᠢ ᠨᠥᠯᠦᠭᠡᠯᠡᠵᠦ ᠪᠠᠶᠢᠨ᠎ᠠ᠃ ᠬᠡᠳᠡᠰᠦ᠂ ᠬᠤᠳᠤᠭᠤᠳᠤ᠂ ᠲᠠᠷᠢᠬᠢ᠂ ᠵᠢᠷᠦᠬᠡ᠂ ᠠᠷᠠᠰᠤᠨ ᠳᠤ ᠴᠥᠮ ᠲᠡᠭᠦᠨ ᠤ ᠬᠦᠯᠢᠶᠡᠭᠴᠢ ᠪᠡᠶ᠎ᠡ ᠪᠠᠶᠢᠵᠤ᠂ ᠪᠥᠬᠦ ᠪᠡᠶᠡᠨ ᠤ ᠡᠷᠡᠭᠦᠯ ᠮᠡᠨᠳᠦ ᠶᠢ ᠨᠥᠯᠦᠭᠡᠯᠡᠵᠦ ᠪᠠᠶᠢᠳᠠᠭ᠃ ᠠᠮᠢᠳᠤᠷᠠᠯ ᠳᠤᠮᠳᠠ ᠸᠢᠲ᠋ᠠᠮᠢᠨ D ᠲᠤᠳᠠᠭᠲᠠᠵᠤ ᠪᠠᠶᠢᠭ᠎ᠠ ᠬᠦᠮᠦᠨ ᠵᠦᠩᠳᠡᠭᠡᠨ ᠪᠣᠢ᠂ ᠡᠭᠦᠨ ᠤ ᠰᠢᠯᠲᠠᠭᠠᠨ ᠨᠢ᠄      ᠨᠢᠭᠡ᠂ ᠭᠦᠷᠢᠨ ᠤ ᠭᠠᠳᠠᠨᠠᠬᠢ ᠲᠤᠶᠠᠭ᠎ᠠ ᠨᠢ ᠠᠷᠠᠰᠤᠨ ᠳᠤᠲᠤᠷᠠᠬᠢ ᠭᠤᠨᠠᠨ ᠠᠯᠺᠤᠤᠯ ᠲᠥᠷᠥᠯ ᠤᠨ ᠪᠤᠳᠠᠰ ᠢ ᠸᠢᠲ᠋ᠠᠮᠢᠨ D ᠪᠣᠯᠭᠠᠨ ᠬᠤᠪᠢᠷᠠᠭᠤᠯᠵᠤ᠂ ᠬᠠᠷᠢᠨ ᠬᠠᠷ᠎ᠠ ᠥᠩᠭᠡᠲᠦ ᠡᠳ᠋ ᠤᠨ ᠪᠡᠶ᠎ᠡ ᠨᠢ ᠬᠦᠷᠢᠨ ᠤ ᠭᠠᠳᠠᠨᠠᠬᠢ ᠲᠤᠶᠠᠭᠠᠨ ᠤ ᠰᠢᠩᠭᠡᠭᠡᠯᠲᠡ ᠶᠢ ᠬᠤᠷᠢᠭᠯᠠᠵᠤ᠂ ᠰᠢᠷᠬᠠᠳᠠᠬᠤ ᠠᠴᠠ ᠵᠠᠶᠢᠯᠠᠰᠬᠢᠳᠠᠭ᠃ ᠶᠠᠭ ᠡᠶᠢᠮᠦᠷᠬᠦᠦ ᠬᠠᠮᠠᠭᠠᠯᠠᠯᠲᠠ ᠨᠢ ᠸᠢᠲ᠋ᠠᠮᠢᠨ D ᠲᠤᠲᠠᠭᠳᠠᠬᠤ ᠶᠢᠨ ᠰᠢᠯᠲᠠᠭᠠᠨ ᠪᠤᠯᠤᠭᠰᠠᠨ ᠪᠠᠶᠢᠨ᠎ᠠ᠃      ᠬᠤᠶᠠᠷ᠂ ᠴᠢᠰᠤᠨ ᠳᠤᠲᠤᠷᠠᠬᠢ ᠸᠢᠲ᠋ᠠᠮᠢᠨ D ᠯᠠ ᠰᠠᠶ᠋ᠢ ᠢᠳᠡᠪᠭᠢ ᠴᠢᠨᠠᠷ ᠲᠠᠢ᠂ ᠭᠡᠪᠡᠴᠦ ᠶᠡᠬᠡᠩᠬᠢ ᠸᠢᠲ᠋ᠠᠮᠢᠨ D᠎ ᠨᠢ ᠥᠭᠡᠭᠦᠨ ᠳᠤᠲᠤᠷ᠎ᠠ ᠬᠠᠳᠠᠭᠠᠯᠠᠭᠳᠠᠨ᠂ ᠰᠢᠩᠭᠡᠭᠡᠨ ᠠᠪᠴᠢᠬᠠᠪᠠᠯ ᠲᠠᠬᠢᠨ ᠢᠯᠭᠠᠷᠠᠭᠤᠬᠤ ᠳᠤ ᠪᠡᠷᠬᠡ ᠪᠣᠯᠴᠢᠬᠠᠳᠠᠭ᠃ ᠡᠶᠢᠮᠦ ᠠᠴᠠ ᠪᠡᠶ᠎ᠡ ᠶᠢᠨ ᠥᠭᠡᠬᠦ ᠶᠡᠬᠡᠲᠡᠢ ᠬᠦᠮᠦᠨ ᠤ ᠴᠢᠰᠦᠨ ᠳᠠᠬᠢ ᠸᠢᠲ᠋ᠠᠮᠢᠨ D᠎ ᠨᠢ ᠡᠷᠡᠭᠦᠯ ᠪᠤᠰᠤ ᠪᠠᠶᠢᠳᠠᠯ ᠲᠠᠢ ᠪᠠᠶᠢᠳᠠᠭ᠃      ᠪᠡᠶ᠎ᠡ ᠳᠤᠲᠤᠷᠠᠬᠢ ᠸᠢᠲ᠋ᠠᠮᠢᠨ D᠎ ᠪᠠᠨ ᠶᠠᠰᠦ ᠴᠢᠬᠢᠷᠡᠭᠵᠢᠭᠦᠯᠵᠦ᠂ ᠦᠮᠡᠨ ᠰᠡᠷᠭᠡᠶᠢᠯᠡᠬᠦ ᠬᠡᠷᠡᠭᠴᠡᠬᠡᠨ ᠳᠤ ᠬᠠᠩᠭᠠᠶ᠎ᠠ ᠬᠡᠪᠡᠯ᠂ ᠳᠠᠷᠠᠭᠠᠬᠢ ᠮᠡᠲᠦ ᠬᠡᠳᠦᠨ ᠰᠠᠨᠠᠭᠤᠯᠭ᠎ᠠ ᠪᠣᠢ᠄      ᠨᠢᠭᠡ᠂ ᠨᠠᠷᠠᠨ ᠳᠤ ᠡᠭᠡᠬᠦ ᠪᠣᠯ ᠬᠠᠮᠤᠭ ᠤᠨ ᠳᠥᠬᠦᠮ᠂ ᠬᠠᠮᠤᠭ ᠤᠨ ᠠᠮᠤᠷ ᠲᠥᠪᠰᠢᠨ ᠨᠥᠬᠦᠪᠦᠷᠢᠯᠡᠬᠦ ᠬᠡᠯᠪᠡᠷᠢ ᠪᠣᠯᠣᠨ᠎ᠠ᠃ ᠣᠳᠠᠭ᠎ᠠ ᠪᠦᠷᠢ 15 ᠮᠢᠨᠦᠲ᠂ ᠭᠠᠷᠠᠭ ᠲᠤ 3 ᠤᠳᠠᠭ᠎ᠠ ᠡᠬᠡᠬᠦ ᠨᠢ ᠶᠡᠬᠡᠩᠬᠢ ᠬᠦᠮᠦᠨ ᠤ ᠱᠠᠭᠠᠷᠳᠠᠯᠭ᠎ᠠ ᠶᠢ ᠬᠠᠩᠭᠠᠵᠤ ᠴᠢᠳᠠᠨ᠎ᠠ᠃      ᠬᠤᠶᠠᠷ᠂ ᠬᠡᠰᠡᠭ ᠢᠳᠡᠭᠡᠨ ᠤ ᠳᠤᠲᠤᠷ᠎ᠠ ᠸᠢᠲ᠋ᠠᠮᠢᠨ D ᠠᠭᠤᠯᠵᠤ ᠪᠠᠶᠢᠳᠠᠭ᠂ ᠵᠢᠱᠢᠶᠡᠯᠡᠪᠡᠯ ᠰᠠᠨ ᠸᠧᠨ ᠢᠦᠢ ᠵᠢᠭᠠᠰᠤ᠂ ᠰᠠᠷᠳᠢᠨ ᠵᠢᠭᠠᠰᠤ᠂ ᠰᠠᠷᠢᠶ᠎ᠠ ᠵᠢᠭᠠᠰᠤ ᠭᠡᠬᠦ ᠮᠡᠲᠦ᠃ ᠤᠷᠭᠤᠮᠠᠯ ᠤᠨ ᠴᠢᠨᠠᠷᠲᠠᠢ ᠢᠳᠡᠭᠡᠨ ᠳᠤ ᠪᠠᠷᠤᠭ ᠪᠠᠶᠢᠳᠠᠭ ᠦᠭᠡᠢ᠃      ᠭᠤᠷᠪᠠ᠂ ᠬᠡᠷᠪᠡ ᠨᠠᠷᠠᠨ ᠳᠤ ᠡᠬᠡᠬᠦ ᠬᠢᠭᠡᠳ ᠢᠳᠡᠭᠡᠨ ᠤ ᠬᠡᠷᠡᠭᠴᠡᠭᠡ ᠶᠢ ᠬᠠᠩᠭᠠᠵᠤ ᠴᠢᠳᠠᠬᠤ ᠦᠭᠡᠢ ᠪᠣᠯ᠂ ᠲᠤᠬᠢᠷᠠᠮᠵᠢᠲᠠᠢ ᠢᠳᠡᠭᠡᠨ ᠤ ᠨᠥᠬᠦᠪᠦᠷᠢ ᠡᠳ᠋ ᠶᠢ ᠬᠡᠷᠡᠭᠯᠡᠬᠦ ᠬᠡᠷᠡᠭᠲᠡᠢ᠃ ᠠᠮᠧᠷᠢᠺᠠ ᠶᠢᠨ ᠳᠤᠲᠤᠭᠠᠳᠤ ᠰᠢᠭᠦᠷᠡᠯ ᠤᠨ ᠨᠡᠶᠢᠭᠡᠮᠯᠢᠭ ᠤᠨ ᠬᠢᠨ ᠪᠤᠷᠤᠪᠲᠤᠷ ᠠᠷᠠᠰᠤ ᠲᠠᠢ᠂ ᠮᠠᠷᠢᠶᠠᠯᠢᠭ᠂ ᠨᠠᠷᠠᠨ ᠤ ᠲᠤᠰᠤᠯᠲᠠ ᠶᠢᠨ ᠬᠡᠮᠵᠢᠶ᠎ᠡ ᠳᠤᠤᠷ᠎ᠠ ᠭᠠᠵᠠᠷ ᠠᠮᠢᠳᠤᠷᠠᠬᠤ ᠵᠡᠷᠭᠡ ᠨᠥᠬᠦᠴᠡᠯ ᠪᠦᠬᠦᠢ ᠬᠦᠮᠦᠰ ᠸᠢᠲ᠋ᠠᠮᠢᠨ D ᠲᠤᠳᠠᠭᠳᠠᠬᠤ ᠠᠶᠤᠯ ᠶᠡᠬᠡᠲᠡᠢ ᠪᠠᠶᠢᠵᠤ᠂ ᠢᠳᠡᠭᠡᠨ ᠤ ᠨᠥᠬᠦᠪᠦᠷᠢ ᠡᠳ᠋ ᠪᠠᠷ ᠳᠠᠮᠵᠢᠭᠤᠯᠤᠨ ᠴᠢᠰᠦᠨ ᠳᠠᠬᠢ ᠸᠢᠲ᠋ᠠᠮᠢᠨ D᠎ ᠤᠨ ᠬᠢᠷᠢ ᠬᠡᠮᠵᠢᠶ᠎ᠡ ᠪᠠᠨ ᠳᠡᠭᠡᠭᠰᠢᠯᠡᠬᠦᠯᠬᠦ ᠨᠢ ᠬᠠᠮᠤᠭ ᠤᠨ ᠰᠠᠶᠢᠨ ᠠᠷᠭ᠎ᠠ ᠶᠣᠮ ᠭᠡᠵᠦ ᠵᠢᠭᠠᠵᠤ ᠭᠠᠷᠭᠠᠪᠠ᠃      ᠪᠣᠢ ᠪᠥᠬᠦᠢ ᠥᠭᠡᠭᠦᠯᠢᠭ ᠠᠭᠤᠰᠤᠮᠠᠯ ᠴᠢᠨᠠᠷᠲᠠᠢ ᠸᠢᠲ᠋ᠠᠮᠢᠨ ᠲᠠᠢ ᠠᠳᠠᠯᠢᠬᠠᠨ ᠢᠶᠠᠷ᠂ ᠸᠢᠲ᠋ᠠᠮᠢᠨ D ᠴᠦ ᠪᠠᠰᠠ ︽ᠴᠥᠭᠡᠨ ᠨᠥᠬᠦᠪᠡᠯ ᠲᠤᠳᠠᠨ᠎ᠠ᠂ ᠣᠯᠠᠨ ᠨᠥᠬᠦᠪᠡᠯ ᠬᠤᠤᠷᠳᠠᠨ᠎ᠠ︾ ᠭᠡᠰᠡᠨ ᠭᠠᠴᠢᠭᠳᠠᠯᠲᠠᠢ ᠪᠠᠶᠢᠳᠠᠯ ᠳᠤ ᠣᠷᠣᠰᠢᠳᠠᠭ ᠣᠴᠢᠷ ᠠᠴᠠ᠂ ᠲᠡᠷᠡ ᠨᠥᠬᠦᠪᠦᠷᠢ ᠡᠳ᠋ ᠢ ᠢᠳᠡᠬᠦ ᠠᠴᠠ ᠡᠮᠦᠨ᠎ᠡ ᠡᠮᠴᠢ ᠪᠣᠶᠣ ᠡᠮ ᠨᠠᠶᠢᠷᠠᠭᠴᠢ ᠠᠴᠠ ᠯᠠᠪᠯᠠᠨ ᠠᠰᠠᠭᠤᠪᠠᠯ ᠨᠡᠩ ᠵᠦᠭᠡᠷ ᠪᠠᠶᠢᠳᠠᠭ ᠶᠣᠮ᠃                                           ᠢᠷᠡᠯᠲᠡ᠄ ᠠᠷᠠᠳ ᠤᠨ ᠰᠦᠯᠵᠢᠶ᠎ᠡ                                           ᠪᠡᠯᠡᠳᠬᠡᠭᠰᠡᠨ ᠨᠢ᠄ ᠰᠣᠷᠭᠤᠭ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3