ᠪᠦᠭᠦ ᠤᠯᠤᠰ ᠤᠨ ᠴᠢᠨᠠᠷᠳᠠᠢ ᠱᠠᠰᠢᠨ ᠤ ᠪᠦᠯᠭᠦᠮ ᠨᠢᠬᠡᠴᠡ ᠶᠢᠨ ᠬᠠᠮᠳᠤᠷᠠᠬᠰᠠᠨ ᠬᠤᠷᠠᠯ ᠤᠨ ᠵᠢᠷᠭᠤᠳᠤᠭᠠᠷ ᠤᠳᠠᠭᠠᠨ ᠤ ᠬᠤᠷᠠᠯ ᠠᠴᠠ ᠱᠠᠰᠢᠨ ᠤ ᠠᠵᠢᠯᠯᠠᠭᠠᠨ ᠤ ᠲᠠᠯᠠᠪᠠᠢ ᠳᠤ ᠤᠯᠤᠰ ᠤᠨ ᠰᠦᠯᠳᠡ ᠲᠤᠭ ᠢ ᠮᠠᠨᠳᠤᠭᠤᠯᠵᠦ ᠡᠯᠭᠦᠬᠦ ᠲᠤᠬᠠᠢ ᠬᠠᠮᠳᠤ ᠶᠢᠨ ᠰᠠᠨᠠᠭᠠᠴᠢᠯᠠᠭ᠎ᠠ ᠶᠢ ᠲᠤᠷᠠᠳᠤᠬᠰᠠᠨ ᠪᠠᠶᠢᠨ᠎ᠠ
ᠨᠡᠶᠢᠲᠡᠯᠡᠭᠰᠡᠨ ᠴᠠᠭ᠄
2018-08-01
     ᠳᠤᠮᠳᠠᠳᠤ ᠤᠯᠤᠰ ᠤᠨ ᠮᠣᠩᠭᠤᠯ ᠷᠠᠳᠢᠣ᠋ ᠰᠦᠯᠵᠢᠶ᠎ᠡ᠂ ᠪᠡᠭᠡᠵᠢᠩ᠂ 8 ᠳ᠋ᠤᠭᠠᠷ ᠰᠠᠷ᠎ᠠ ᠶᠢᠨ 1 ᠤ ᠡᠳᠦᠷ ᠤᠨ ᠮᠡᠳᠡᠭᠡ᠄ ᠪᠦᠭᠦ ᠤᠯᠤᠰ ᠤᠨ ᠴᠢᠨᠠᠷᠳᠠᠢ ᠱᠠᠰᠢᠨ ᠤ ᠪᠦᠯᠭᠦᠮ ᠨᠢᠬᠡᠴᠡ ᠶᠢᠨ ᠬᠠᠮᠳᠤᠷᠠᠬᠰᠠᠨ ᠬᠤᠷᠠᠯ ᠤᠨ ᠵᠢᠷᠭᠤᠳᠤᠭᠠᠷ ᠤᠳᠠᠭᠠᠨ ᠤ ᠬᠤᠷᠠᠯ ᠲᠡᠭᠡᠷ᠎ᠡ᠂ ᠪᠦᠭᠦ ᠤᠯᠤᠰ ᠤᠨ ᠴᠢᠨᠠᠷᠳᠠᠢ ᠡᠯ᠎ᠡ ᠱᠠᠰᠢᠨ ᠤ ᠪᠦᠯᠭᠦᠮ ᠨᠢᠬᠡᠴᠡ ᠪᠤᠯᠤᠨ ᠲᠤᠮᠳᠠᠳᠤ ᠶᠢᠨ ᠾᠧᠷᠢᠰᠲ᠋ᠤᠰ ᠤᠨ ᠱᠠᠰᠢᠨ ᠤ ᠵᠠᠯᠠᠭᠤᠴᠤᠳ ᠤᠨ ᠬᠤᠷᠠᠯ ᠤᠨ ᠪᠦᠭᠦ ᠤᠯᠤᠰ ᠤᠨ ᠨᠡᠶᠢᠭᠡᠮᠯᠢᠭ ᠂ ᠲᠤᠮᠳᠠᠳᠤ ᠶᠢᠨ ᠾᠧᠷᠢᠰᠲ᠋ᠤᠰ ᠤᠨ ᠱᠠᠰᠢᠨ ᠤ ᠡᠮᠡᠭᠳᠡᠢ ᠵᠠᠯᠠᠭᠤᠴᠤᠳ ᠤᠨ ᠬᠤᠷᠠᠯ ᠤᠨ ᠪᠦᠭᠦ ᠤᠯᠤᠰ ᠤᠨ ᠨᠡᠶᠢᠭᠡᠮᠯᠢᠭ ᠤᠨ ᠬᠢᠨ ᠱᠠᠰᠢᠨ ᠤ ᠠᠵᠢᠯᠯᠠᠭᠠᠨ ᠤ ᠲᠠᠯᠠᠪᠠᠢ ᠳᠤ ᠤᠯᠤᠰ ᠤᠨ ᠰᠦᠯᠳᠡ ᠲᠤᠭ ᠢ ᠮᠠᠨᠳᠤᠭᠤᠯᠵᠦ ᠡᠯᠭᠦᠬᠦ ᠲᠤᠬᠠᠢ ᠬᠠᠮᠳᠤ ᠶᠢᠨ ᠰᠠᠨᠠᠭᠠᠴᠢᠯᠠᠭ᠎ᠠ ᠶᠢ ᠲᠤᠷᠠᠳᠤᠬᠰᠠᠨ ᠪᠠᠶᠢᠨ᠎ᠠ᠃      ᠬᠤᠷᠠᠯ ᠠᠴᠠ ᠵᠢᠭᠠᠬᠤ ᠳᠠᠭᠠᠨ᠂ ᠱᠠᠰᠢᠨ ᠤ ᠠᠵᠢᠯᠯᠠᠭᠠᠨ ᠤ ᠲᠠᠯᠠᠪᠠᠢ ᠳᠤ ᠤᠯᠤᠰ ᠤᠨ ᠲᠤᠭ ᠢ ᠡᠯᠭᠦᠵᠦ ᠮᠠᠨᠳᠤᠭᠤᠯᠬᠤ ᠨᠢ ᠱᠠᠰᠢᠨ ᠤ ᠡᠯ᠎ᠡ ᠡᠳᠡᠭᠡᠳ ᠤᠨ ᠵᠢᠳᠭᠦᠯᠳᠡᠳ ᠪᠤᠯᠤᠨ ᠰᠦᠰᠦᠭᠳᠡᠨ ᠤᠯᠠᠨ ᠤ ᠤᠯᠤᠰ ᠤᠷᠤᠨ ᠤ ᠲᠤᠬᠠᠢ ᠤᠬᠠᠮᠰᠠᠷ ᠪᠤᠯᠤᠨ ᠡᠷᠬᠡᠳᠦ ᠠᠷᠠᠳ ᠤᠨ ᠤᠬᠠᠮᠰᠠᠷ ᠢ ᠨᠢ ᠴᠢᠩᠭᠠᠳᠬᠠᠵᠦ᠂ ᠲᠤᠮᠳᠠᠳᠤ ᠶᠢᠨ ᠦᠨᠳᠦᠰᠦᠳᠡᠨ ᠤ ᠬᠠᠮᠳᠤ ᠶᠢᠨ ᠴᠤᠬᠴᠠ ᠶᠢᠨ ᠤᠬᠠᠮᠰᠠᠷ ᠢ ᠪᠠᠳᠤᠳᠬᠠᠵᠦ᠂ ᠨᠠᠮ ᠤᠨ ᠬᠤᠪᠢ ᠵᠠᠶᠠᠭ᠎ᠠ᠂ ᠤᠯᠤᠰ ᠤᠷᠤᠨ ᠤ ᠬᠤᠪᠢ ᠵᠠᠶᠠᠭ᠎ᠠ ᠶᠢ ᠦᠪᠡᠷ ᠤᠨ ᠢᠶᠠᠨ ᠬᠤᠪᠢ ᠵᠠᠶᠠᠭ᠎ᠠ ᠲᠠᠢ ᠤᠬᠠᠮᠰᠠᠷ ᠠᠴᠠ ᠪᠠᠨ ᠨᠡᠩ ᠨᠢᠬᠳᠠ ᠬᠤᠯᠪᠤᠬᠤ ᠳᠤ ᠲᠤᠰᠠ ᠲᠠᠢ ᠶᠤᠮ ᠭᠡᠵᠡᠢ᠃      ᠬᠤᠷᠠᠯ ᠠᠴᠠ ᠴᠢᠬᠤᠯᠠᠴᠢᠯᠠᠬᠤ ᠳᠠᠭᠠᠨ᠂ ᠡᠯ᠎ᠡ ᠱᠠᠰᠢᠨ ᠤ ᠪᠦᠯᠭᠦᠮ ᠨᠢᠬᠡᠴᠡ ᠶᠢᠨ ᠬᠢᠨ ᠡᠯ᠎ᠡ ᠵᠦᠢᠯ ᠤᠨ ᠬᠡᠯᠪᠡᠷᠢ ᠶᠢᠨ ᠰᠤᠷᠤᠯᠴᠠᠵᠦ ᠤᠬᠠᠭᠤᠯᠤᠨ ᠲᠠᠶᠢᠯᠠᠪᠦᠷᠢᠯᠠᠬᠤ ᠠᠵᠢᠯᠯᠠᠭ᠎ᠠ ᠪᠠᠷ ᠲᠠᠮᠵᠢᠵᠦ᠂ ᠱᠠᠰᠢᠨ ᠤ ᠡᠳᠡᠭᠡᠳ ᠤᠨ ᠵᠢᠳᠭᠦᠯᠳᠡᠳ ᠪᠤᠯᠤᠨ ᠰᠦᠰᠦᠭᠳᠡᠨ ᠤᠯᠠᠨ ᠢ ᠵᠤᠬᠢᠶᠠᠨ ᠪᠠᠶᠢᠭᠤᠯᠵᠦ ᠦᠨᠳᠦᠰᠦᠨ ᠬᠠᠥᠯᠢ᠂ ᠤᠯᠤᠰ ᠤᠨ ᠰᠦᠯᠳᠡ ᠲᠤᠭ ᠤᠨ ᠲᠤᠬᠠᠢ ᠬᠠᠥᠯᠢ ᠵᠡᠷᠭᠡ ᠶᠢ ᠰᠤᠷᠤᠯᠴᠠᠵᠦ᠂ ᠤᠯᠤᠰ ᠤᠨ ᠰᠦᠯᠳᠡ ᠲᠤᠭ ᠤᠨ ᠲᠤᠬᠠᠢ ᠦᠨᠳᠦᠰᠦᠨ ᠮᠡᠳᠡᠯᠬᠡ ᠪᠤᠯᠤᠨ ᠲᠤᠭ ᠮᠠᠨᠳᠤᠭᠤᠯᠬᠤ ᠶᠤᠰᠤᠯᠠᠯ ᠢ ᠰᠤᠷᠤᠯᠴᠠᠵᠦ᠂ ᠤᠯᠤᠰ ᠤᠨ ᠲᠤᠭ ᠤᠨ ᠠᠴᠢᠶᠠᠯᠠᠵᠦ ᠪᠠᠶᠢᠭ᠎ᠠ ᠬᠤᠪᠢᠰᠬᠠᠯ ᠤᠨ ᠦᠷᠡᠭᠳᠡᠭᠰᠡᠨ ᠪᠠᠭᠠᠳᠤᠷᠴᠤᠳ ᠤᠨ ᠬᠡᠷᠡᠯ ᠰᠠᠴᠤᠷᠠᠩᠭᠤᠢ ᠦᠢᠯᠡ ᠠᠵᠢᠯᠯᠠᠭ᠎ᠠ ᠶᠢ ᠰᠤᠷᠤᠯᠴᠠᠨ᠂ ᠤᠯᠤᠰ ᠤᠨ ᠲᠤᠭ ᠲᠤ ᠠᠬᠤᠭᠤᠯᠤᠬᠳᠠᠵᠦ ᠪᠠᠶᠢᠭ᠎ᠠ ᠡᠬᠡ ᠤᠷᠤᠨᠴᠢ ᠪᠤᠯᠤᠨ ᠲᠡᠮᠡᠴᠡᠯ ᠤᠨ ᠵᠤᠷᠢᠭ ᠰᠠᠨᠠᠭ᠎ᠠ ᠶᠢ ᠰᠤᠷᠤᠯᠴᠠᠵᠦ᠂ ᠱᠠᠰᠢᠨ ᠤ ᠡᠳᠡᠭᠡᠳ ᠤᠨ ᠵᠢᠳᠭᠦᠯᠳᠡᠳ ᠪᠤᠯᠤᠨ ᠰᠦᠰᠦᠭᠳᠡᠨ ᠤᠯᠠᠨ ᠤ ᠰᠤᠷᠤᠯᠴᠠᠵᠦ ᠤᠶᠢᠯᠠᠭᠠᠬᠰᠠᠨ ᠦᠭᠦᠯᠡᠯ ᠵᠤᠬᠢᠶᠠᠯ ᠪᠠ ᠲᠦᠷᠦᠭᠳᠡᠯ ᠪᠢᠴᠢᠭᠦ ᠶᠢ ᠵᠤᠷᠢᠬᠵᠢᠭᠤᠯᠵᠦ᠂ ᠱᠠᠰᠢᠨ ᠤ ᠠᠵᠢᠯᠯᠠᠭᠠᠨ ᠤ ᠲᠠᠯᠠᠪᠠᠢ ᠳᠤ ᠤᠯᠤᠰ ᠤᠨ ᠲᠤᠭ ᠢ ᠮᠠᠨᠳᠤᠭᠤᠯᠵᠦ ᠡᠯᠭᠦᠭᠰᠡᠨ ᠠᠮᠢᠳᠤᠯᠢᠭ ᠪᠤᠳᠠᠳᠠᠢ ᠦᠯᠢᠬᠡᠷ ᠢ ᠶᠠᠷᠢᠭᠤᠯᠵᠦ᠂ ᠤᠯᠤᠰ ᠤᠨ ᠲᠤᠭ ᠢ ᠬᠦᠨᠳᠦᠳᠭᠡᠬᠦ᠂ ᠤᠯᠤᠰ ᠤᠨ ᠲᠤᠭ ᠢ ᠬᠠᠶᠢᠷᠠᠯᠠᠬᠤ᠂ ᠤᠯᠤᠰ ᠤᠨ ᠲᠤᠭ ᠤᠨ ᠨᠡᠷ᠎ᠡ ᠬᠦᠨᠳᠦ ᠶᠢ ᠬᠠᠮᠠᠭᠠᠯᠠᠬᠤ ᠤᠬᠠᠮᠰᠠᠷ ᠢ ᠨᠢ ᠲᠡᠰᠤᠷᠠᠯᠳᠠ ᠦᠭᠡᠢ ᠲᠡᠭᠡᠭᠰᠢᠯᠡᠭᠦᠯᠬᠦ ᠬᠡᠷᠡᠭᠳᠡᠢ ᠭᠡᠵᠡᠢ᠃                                                     ᠨᠠᠶᠢᠷᠠᠭᠤᠯᠤᠬᠴᠢ ᠬᠡᠬᠡᠨᠵᠤᠯᠠ              
 
ᠢᠷᠡᠯᠲᠡ᠄ ᠲᠣᠮᠳᠠᠲᠤ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3