ᠰᠢᠩ ᠾᠧ ᠰᠢᠶᠠᠨ ᠤ ᠲᠣᠶᠢᠮᠣ ᠪᠠᠶᠢᠳᠠᠯ
ᠨᠡᠶᠢᠲᠡᠯᠡᠭᠰᠡᠨ ᠴᠠᠭ᠄
2018-07-12
                             ᠰᠢᠩ ᠾᠧ ᠰᠢᠶᠠᠨ ᠤ ᠲᠣᠶᠢᠮᠣ ᠪᠠᠶᠢᠳᠠᠯ      ᠰᠢᠩ ᠾᠧ ᠰᠢᠶᠠᠨ ᠨᠢ ᠥᠪᠥᠷ ᠮᠣᠩᠭᠤᠯ ᠤᠨ  ᠥᠪᠡᠷᠲᠡᠭᠡᠨ ᠵᠠᠰᠠᠬᠤ  ᠣᠷᠣᠨ ᠤ ᠳᠣᠮᠳᠠ ᠡᠮᠦᠨ᠎ᠡ ᠪᠡᠶ᠎ᠡ ᠳᠤ ᠪᠠᠶᠢᠷᠢᠯᠠᠵᠣ᠂ ᠱᠠᠨ ᠰᠢ ᠮᠤᠵᠢ᠂ ᠾᠧᠪᠧᠢ ᠮᠤᠵᠢ ᠪᠣᠯᠣᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠭᠤᠯᠵᠠᠭᠤᠷ ᠤᠨ ᠭᠡᠰᠡᠭ ᠲᠤ ᠪᠠᠶᠢᠳᠠᠭ᠃ ᠵᠡᠭᠦᠨᠰᠢ ᠪᠠᠨ ᠨᠡᠶᠢᠰᠯᠡᠯ ᠪᠡᠭᠡᠵᠢᠩ ᠠᠴᠠ 240 ᠺᠢᠯᠤᠮᠧᠲᠷ᠂ ᠪᠠᠷᠠᠭᠤᠨᠰᠢ ᠣᠷᠣᠨ ᠤ ᠲᠥᠪ ᠬᠦᠬᠡᠬᠤᠲᠠ ᠠᠴᠠ 200 ᠺᠢᠯᠣᠮᠧᠲᠷ ᠵᠠᠶᠢᠲᠠᠢ ᠪᠠᠶᠢᠵᠣ᠂  ᠥᠪᠥᠷ ᠮᠣᠩᠭᠤᠯ ᠤᠨ  ᠭᠠᠳᠠᠭᠰᠢ ᠴᠢᠯᠦᠭᠡᠲᠠᠢ ᠶᠠᠪᠣᠯᠴᠠᠬᠤ ᠶᠢᠨ ᠡᠮᠦᠨ᠎ᠡ ᠡᠭᠦᠳᠡ ᠨᠢ  ᠪᠣᠯᠵᠤ᠂ ᠲᠥᠷᠥ ᠎ ᠶᠢᠨ ᠶᠠᠪᠣᠳᠠᠯ ᠤᠨ ᠬᠤᠷᠢᠶᠠᠨ ᠠᠴᠠ ᠵᠥᠪᠰᠢᠶᠡᠷᠡᠭᠰᠡᠨ ᠭᠠᠳᠠᠭᠰᠢ ᠴᠢᠯᠦᠭᠡᠲᠠᠢ ᠶᠠᠪᠣᠯᠴᠠᠬᠤ ᠰᠢᠶᠠᠨ ᠪᠣᠯᠣᠨ᠎ᠠ᠃ ᠰᠢᠩ ᠾᠧ ᠰᠢᠶᠠᠨ ᠨᠢ ᠥᠨᠢ ᠤᠳᠠᠭᠠᠨ ᠲᠡᠥᠬᠡᠨ ᠥᠪ ᠰᠤᠶᠤᠯ ᠲᠠᠢ᠃ ᠪᠠᠶᠢᠯᠳᠣᠭᠠᠨᠲᠣ ᠣᠯᠣᠰ ᠤᠨ  ᠦᠶ᠎ᠡ ᠳᠤ ᠰᠢᠩ ᠾᠧ ᠰᠢᠶᠠᠨ ᠵᠣᠣ ᠣᠯᠣᠰ ᠤᠨ ᠳ᠋ᠠᠢ ᠵᠢᠶᠦ᠋ᠨ ᠤ ᠡᠷᠬᠡᠰᠢᠶᠡᠯ ᠳᠤ ᠪᠠᠶᠢᠵᠣ᠂ ᠶᠠᠨ ᠯᠢᠩ ᠴᠧᠩ ᠎ ᠶᠢ ᠪᠠᠶᠢᠭᠤᠯᠵᠣ᠂ ᠲᠡᠥᠬᠡᠨ ᠳᠤ ᠬᠠᠷᠢᠶᠠᠨ ᠳᠠᠭᠠᠨ ᠯᠦ᠂ ᠹᠦ᠋᠂ ᠵᠧᠦ᠂ ᠰᠢᠶᠠᠨ ᠪᠠᠶᠢᠭᠤᠯᠵᠠᠢ᠃ ᠪᠠᠷᠠᠭᠤᠨ ᠬᠠᠨ ᠤ ᠦᠶ᠎ᠡ ᠳᠤ ᠶᠠᠨ ᠯᠢᠩ ᠰᠢᠶᠠᠨ ᠵᠢᠦᠢ ᠷᠦ᠋ ᠰᠢᠶᠠᠨ ᠢ ᠪᠠᠶᠢᠭᠤᠯᠵᠣ᠂ ᠳ᠋ᠠᠢ ᠵᠢᠶᠦ᠋ᠨ ᠳᠤ ᠬᠠᠷᠢᠶᠠᠯᠠᠭᠳᠠᠵᠠᠢ᠃ ᠵᠡᠭᠦᠨ ᠬᠠᠨ ᠤ ᠰᠡᠭᠦᠯᠴᠢ ᠶᠢᠨ ᠦᠶ᠎ᠡ ᠠᠴᠠ ᠸᠧᠢ ᠶᠢᠨ ᠡᠮᠦᠨᠡᠲᠦ ᠣᠮᠠᠷᠠᠲᠣ ᠲᠦᠷᠥ ᠬᠦᠷᠲᠡᠯ᠎ᠡ ᠰᠢᠶᠠᠨᠪᠸᠢ ᠥᠨᠳᠥᠰᠥᠲᠡᠨ ᠰᠠᠭᠤᠷᠢᠰᠢᠨ ᠰᠠᠭᠤᠵᠣ  ᠂ ᠰᠥᠩ ᠣᠯᠣᠰ ᠤᠨ ᠦᠶ᠎ᠡ ᠳᠤ ᠸᠧᠢ ᠠᠨ ᠰᠢᠶᠠᠨ ᠢ ᠪᠠᠶᠢᠭᠤᠯᠵᠠᠢ᠃ ᠶᠤᠸᠠᠨ ᠣᠯᠣᠰ ᠤᠨ ᠦᠶ᠎ᠡ ᠳᠤ ᠵᠦᠩ ᠱᠤ᠋ ᠮᠤᠵᠢ ᠶᠢᠨ ᠰᠢᠩ ᠾᠧ ᠵᠠᠮ ᠳᠤ ᠬᠠᠷᠢᠶᠠᠯᠠᠭᠳᠠᠪᠠ᠃ ᠮᠢᠩ ᠣᠯᠣᠰ ᠤᠨ ᠦᠶ᠎ᠡ ᠳᠤ ᠢᠦᠢ ᠯᠢᠨ ᠰᠢᠶᠠᠨ ᠢ ᠪᠠᠶᠢᠭᠤᠯᠵᠠᠢ᠃  ᠴᠢᠩ ᠣᠯᠣᠰ ᠤᠨ ᠦᠶ᠎ᠡ ᠳᠤ ᠹᠧᠩ ᠴᠤᠸᠠᠨ ᠸᠧᠢ ᠶᠢ ᠪᠠᠶᠢᠭᠤᠯᠵᠣ᠂ ᠪᠠᠳᠠᠷᠠᠭᠤᠯᠲᠣ ᠲᠥᠷᠥ ᠶᠢᠨ ᠬᠤᠷᠢ ᠶᠢᠰᠦᠳᠦᠭᠡᠷ ᠣᠨ ᠳᠤ ᠰᠢᠩ ᠾᠧ ᠲᠢᠩᠬᠢᠮ ᠭᠡᠵᠣ ᠭᠠᠷᠭᠠᠵᠣ᠂ ᠱᠠᠨ ᠰᠢ ᠮᠤᠵᠢ ᠶᠢᠨ ᠭᠦᠢ ᠰᠦᠢ ᠳ᠋ᠣᠣ ᠳᠤ  ᠬᠠᠷᠢᠶᠠᠯᠠᠭᠳᠠᠨ᠂ ᠮᠣᠩᠭᠤᠯ ᠤᠨ ᠴᠠᠬᠠᠷ ᠨᠠᠢᠮᠠᠨ ᠬᠤᠰᠢᠭᠤᠨ ᠳᠠᠬᠢ ᠰᠢᠯᠣᠭᠤᠨ ᠰᠢᠷ᠎ᠠ᠂ ᠰᠢᠯᠣᠭᠤᠨ ᠤᠯᠠᠭᠠᠨ ᠬᠤᠶᠡᠷ ᠬᠤᠰᠢᠭᠤ ᠶᠢᠨ ᠨᠡᠭᠦᠳᠡᠯᠯᠡᠨ ᠮᠠᠯᠵᠢᠬᠤ ᠭᠠᠵᠠᠷ ᠪᠠᠶᠢᠪᠠ᠃  ᠢᠷᠭᠡᠨ ᠣᠯᠣᠰ ᠤᠨ ᠠᠩᠬᠠᠳᠣᠭᠠᠷ ᠣᠨ ︵1912 ᠣᠨ︶᠎ ᠎ ᠳᠤ ᠲᠢᠩᠬᠢᠮ ᠢ ᠰᠢᠶᠠᠨ ᠪᠣᠯᠭᠠᠵᠣ᠂ 1929 ᠣᠨ ᠳᠤ ᠰᠦᠢᠶᠣᠸᠠᠨ ᠮᠤᠵᠢ ᠳᠤ ᠬᠠᠷᠢᠶᠠᠯᠠᠭᠳᠠᠵᠠᠢ᠃ 1948 ᠣᠨ ᠳᠤ ᠰᠢᠩ ᠾᠧ  ᠴᠢᠯᠦᠭᠡᠯᠡᠭᠳᠡᠵᠦ ᠂ 1950 ᠣᠨ ᠳᠤ ᠰᠦᠢᠶᠣᠸᠠᠨ ᠮᠤᠵᠢ ᠳᠤ ᠬᠠᠷᠢᠶᠠᠯᠠᠭᠳᠠᠵᠣ᠂ 1954 ᠣᠨ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠫᠢᠩ ᠳ᠋ᠢ ᠴᠢᠤᠸᠠᠨ ᠵᠠᠰᠠᠭ ᠵᠠᠬᠢᠷᠭᠠᠨ ᠤ ᠲᠣᠭᠤᠷᠢᠭ ᠤᠨ ᠬᠠᠷᠢᠶᠠᠨ ᠳᠠᠬᠢ ᠰᠢᠶᠠᠨ ᠪᠠᠶᠢᠵᠣ᠂ 1958 ᠣᠨ ᠳᠤ ᠣᠯᠠᠭᠠᠨᠴᠠᠪ ᠠᠶᠢᠮᠠᠭ ᠲᠤ ᠬᠠᠷᠢᠶᠠᠯᠠᠭᠳᠠᠵᠣ᠂ 2004 ᠣᠨ ᠳᠤ ᠣᠯᠠᠭᠠᠨᠴᠠᠪ ᠠᠶᠢᠮᠠᠭ ᠢ ᠬᠤᠲᠠ ᠪᠣᠯᠭᠠᠭᠰᠠᠨ ᠤ ᠳᠠᠷᠠᠭ᠎ᠠ᠂ ᠣᠯᠠᠭᠠᠨᠴᠠᠪ ᠬᠤᠲᠠ ᠶᠢᠨ ᠬᠠᠷᠢᠶᠠᠨ ᠳᠠᠬᠢ ᠰᠢᠶᠠᠨ ᠪᠣᠯᠵᠠᠢ᠃ ᠣᠷᠲᠣ ᠤᠳᠠᠭᠠᠨ ᠲᠡᠥᠬᠡ ᠶᠢᠨ ᠤᠯᠠᠷᠢᠨ ᠬᠤᠪᠢᠰᠣᠯᠲᠠ ᠳᠤ ᠡᠯ᠎ᠡ ᠦᠨᠳᠦᠰᠦᠲᠡᠨ ᠡᠪ ᠵᠣᠬᠢᠴᠠᠩᠭᠤᠢ ᠣᠷᠣᠰᠢᠨ ᠠᠮᠢᠳᠣᠷᠠᠵᠣ᠂ ᠲᠠᠯ᠎ᠠ ᠨᠣᠲᠤᠭ ᠤᠨ ᠮᠠᠯᠵᠢᠬᠤ ᠰᠤᠶᠤᠯ᠂ ᠲᠠᠷᠢᠶᠠᠯᠠᠬᠤ  ᠰᠣᠶᠣᠯ ᠪᠣᠯᠣᠨ ᠬᠤᠳᠠᠯᠳᠤᠭᠠᠨ ᠤ ᠰᠣᠶᠣᠯ ᠨᠢᠭᠡ ᠴᠣᠭᠴᠠᠵᠢᠭᠰᠠᠨ ᠭᠠᠵᠠᠷ ᠣᠷᠣᠨ ᠤ ᠣᠨᠴᠠᠯᠢᠭ ᠲᠠᠢ ᠦᠨᠳᠦᠰᠦᠲᠡᠨ ᠤ ᠣᠯᠠᠨ ᠡᠰᠢᠵᠢᠯᠲᠡ ᠪᠣᠯᠣᠨ ᠪᠦᠷᠢᠯᠳᠦᠵᠠᠢ᠃ ᠠᠳᠡ ᠲᠡᠥᠬᠡ ᠶᠢᠨ ᠤᠯᠠ ᠮᠦᠷ ᠬᠠᠳᠠᠭᠠᠯᠠᠭᠳᠠᠭᠰᠠᠨ ᠡᠷᠲᠡᠨ ᠤ ᠤᠷᠲᠤ ᠰᠢᠷᠣᠢ ᠬᠡᠷᠡᠮ᠂ ᠣᠯᠠᠨ ᠠᠷᠪᠢᠨ ᠲᠡᠥᠬᠡ ᠶᠢᠨ ᠦᠯᠡᠳᠡᠭᠳᠡᠯ ᠳᠤᠷᠠᠰᠬᠠᠯᠲᠤ ᠵᠦᠢᠯ᠂ ᠰᠢᠶᠠᠨᠪᠢ ᠲᠦᠸᠧ ᠪᠠ ᠶᠢᠨ  ᠲᠦᠯᠦᠭᠡᠯᠡᠭᠦᠯᠦᠭᠰᠡᠨ ᠬᠠᠭᠠᠨ ᠢᠵᠠᠭᠤᠷᠲᠠᠨ ᠤ ᠦᠯᠢᠭᠡᠷ ᠲᠡᠥᠬᠡ᠂ ︽ᠰᠦᠢ ᠶᠢᠨ ᠵᠡᠬᠦᠨᠲᠡᠬᠢ ᠨᠢᠭᠡᠳᠦᠭᠡᠷ ᠰᠦᠮ᠎ᠡ︾ ᠠᠮᠤᠭᠤᠯᠠᠩ ᠢᠪᠡᠭᠡᠭᠴᠢ ᠰᠦᠮ᠎ᠡ  ᠪᠠᠷ ᠪᠡᠯᠭᠡᠳᠡᠯ ᠪᠣᠯᠭᠠᠭᠰᠠᠨ ᠱᠠᠰᠢᠨ ᠰᠣᠷᠲᠠᠬᠤᠨ ᠤ ᠰᠣᠶᠣᠯ ᠪᠣᠯᠪᠠᠰᠣᠨ ᠲᠠᠢ᠃ ᠦᠢ ᠣᠯᠠᠨ ᠰᠣᠶᠣᠯ ᠪᠣᠯᠪᠠᠰᠣᠨ ᠤ ᠦᠯᠡᠳᠡᠭᠳᠡᠯ ᠠᠴᠠ ᠬᠦᠮᠦᠨ ᠢ ᠰᠣᠭᠲᠣᠷᠠᠭᠤᠯᠣᠮ᠎ᠠ ᠡᠷᠲᠡᠨ ᠤ ᠦᠩᠭᠡ ᠲᠥᠷᠬᠦ᠂ ᠡᠷᠲᠡᠨ ᠤ ᠠᠶᠠᠰ ᠠᠶᠠᠯᠭᠤ ᠤᠶᠢᠨ ᠰᠠᠴᠣᠷᠠᠵᠣ᠂ ᠡᠨᠡ ᠭᠠᠵᠠᠷ ᠤᠨ ᠡᠷᠲᠡ ᠦᠶ᠎ᠡ ᠶᠢᠨ ᠴᠡᠴᠡᠭᠯᠡᠨ ᠮᠠᠨᠳᠣᠯᠲᠠ ᠨᠢ ᠠᠯᠣᠰ ᠤᠨ ᠵᠡᠷᠭᠡᠯᠭᠡᠨ ᠳᠤ ᠲᠣᠳᠣᠷᠠᠨ ᠬᠠᠷᠠᠭᠳᠠᠬᠤ ᠰᠢᠭ᠋ ᠪᠣᠯᠳᠠᠭ᠃      ᠰᠢᠩ ᠾᠧ ᠰᠢᠶᠠᠨ ᠨᠢ ᠠᠭᠤᠯᠠ ᠶᠢᠨ  ᠬᠤᠶᠢᠲᠣ ᠬᠤᠷᠮᠣᠢ ᠳᠤ ᠪᠠᠶᠢᠷᠢᠯᠠᠵᠣ᠂  ᠵᠡᠭᠦᠨ ᠤᠷᠳᠤᠷᠢᠭ ᠤᠨ 113 ᠭᠷᠠᠳᠦ᠋ᠰ 21 ᠮᠢᠨᠦ᠋ᠲ 09  ᠰᠧᠺᠦ᠋ᠨ᠋ᠳ᠋ ᠠᠴᠠ 114 ᠭᠷᠠᠳᠦ᠋ᠰ 07 ᠮᠢᠨᠦ᠋ᠲ 47 ᠰᠧᠺᠦ᠋ᠨ᠋ᠳ᠋᠂ ᠣᠮᠠᠷᠠᠲᠣ ᠥᠷᠭᠡᠷᠢᠭ ᠤᠨ 40 ᠭᠷᠠᠳᠦ᠋ᠰ 26 ᠮᠢᠨᠦ᠋ᠲ ᠠᠴᠠ 41 ᠭᠷᠠᠳᠦ᠋ᠰ 26 ᠮᠢᠨᠦ᠋ᠲ ᠶᠢᠨ ᠬᠤᠭᠤᠷᠣᠨᠳᠣ  ᠪᠣᠢ᠃ ᠣᠮᠠᠷᠠᠰᠢ ᠪᠠᠨ ᠱᠠᠩᠲᠣ ᠰᠢᠶᠠᠨ᠂ ᠵᠡᠬᠦᠨᠰᠢ ᠪᠠᠨ ᠾᠧᠪᠧᠢ ᠮᠤᠵᠢ ᠶᠢᠨ ᠱᠠᠩ ᠢ ᠰᠢᠶᠠᠨ᠂ ᠡᠮᠦᠨᠡᠰᠢ ᠪᠠᠨ ᠱᠠᠨ ᠰᠢ ᠮᠤᠵᠢ ᠶᠢᠨ ᠶᠠᠩ ᠭᠤᠣ ᠰᠢᠶᠠᠨ᠂ ᠾᠧᠪᠧᠢ ᠮᠤᠵᠢ ᠶᠢᠨ ᠬᠤᠸᠠᠢ ᠠᠨ ᠰᠢᠶᠠᠨ᠂ ᠪᠠᠷᠠᠭᠤᠨᠰᠢ ᠪᠠᠨ ᠴᠠᠬᠠᠷ ᠪᠠᠷᠠᠭᠤᠨ ᠭᠠᠷᠣᠨ ᠬᠤᠶᠢᠲᠣ ᠬᠤᠰᠢᠭᠤ᠂ ᠴᠠᠬᠠᠷ  ᠪᠠᠷᠠᠭᠤᠨ ᠭᠠᠷᠣᠨ ᠡᠮᠦᠨᠡᠲᠦ ᠬᠤᠰᠢᠭᠤ ᠲᠠᠢ ᠬᠦᠷᠰᠢᠯᠡᠨ ᠨᠡᠶᠢᠯᠡᠵᠦ  ᠪᠠᠶᠢᠨ᠎ᠠ᠃ ᠭᠠᠵᠠᠷ ᠤᠨ ᠪᠠᠶᠢᠴᠠ ᠨᠢ ᠡᠮᠦᠨᠡᠰᠢ ᠤᠮᠠᠷᠠᠰᠢ ᠣᠷᠲᠣᠯᠵᠢᠨ ᠬᠡᠯᠪᠡᠷᠢ ᠲᠠᠢ᠂ ᠬᠤᠶᠢᠲᠣ ᠲᠠᠯ᠎ᠠ ᠎ ᠨᠢ ᠥᠨᠳᠥᠷ᠂ ᠡᠮᠦᠨᠡᠰᠢ ᠪᠠᠨ ᠪᠣᠭᠤᠨᠢ᠂ ᠳᠤᠮᠳᠠᠴᠢ ᠪᠠᠷ ᠳᠠᠯᠠᠢ ᠶᠢᠨ ᠲᠥᠪᠰᠢᠨ ᠠᠴᠠ ᠳᠡᠭᠡᠭᠰᠢ 1500 ᠮᠧᠲᠷ ᠪᠠᠶᠢᠳᠠᠭ᠃ ᠠᠭᠤᠯᠠ ᠨᠢᠷᠣᠭᠤ ᠥᠷᠭᠦᠯᠵᠢᠯᠡᠵᠦ᠂ ᠤᠷᠤᠰᠬᠠᠯ ᠭᠤᠣᠯ ᠵᠦᠷᠢᠯᠳᠦᠵᠦ᠂ ᠳᠣᠪᠤ ᠪᠣᠯᠲᠤᠭ᠂ ᠲᠡᠭᠰᠢ ᠲᠠᠯ᠎ᠠ᠂ ᠥᠨᠳᠥᠷ ᠠᠭᠤᠯᠠ ᠨᠢ ᠲᠣᠰᠪᠦᠷᠢ ᠪᠦᠬᠦ ᠲᠠᠯᠠᠪᠠᠢ ᠶᠢᠨ 36.5%᠂38.2% ᠪᠣᠯᠣᠨ 25.3%᠎ ᠢ ᠡᠵᠡᠯᠡᠨ᠎ᠡ᠃ ᠮᠣᠨᠢ ᠠᠭᠤᠯᠠ᠂ ᠳ᠋ᠠ ᠨᠠᠠ ᠱᠠᠨ᠂ ᠳ᠋ᠠᠢ ᠴᠢᠩ ᠱᠠᠨ᠂ ᠦ᠋ ᠳ᠋ᠠ ᠯᠠᠮᠠ ᠱᠠᠨ ᠵᠡᠷᠭᠡ ᠠᠭᠤᠯᠠ ᠪᠠᠶᠢᠵᠣ᠂ ᠬᠠᠮᠤᠭ ᠥᠨᠳᠥᠷ ᠣᠷᠭᠢᠯ ᠨᠢ ᠬᠤᠸᠠᠩ ᠱᠢ ᠶᠠ᠂ ᠳᠠᠯᠠᠢ ᠶᠢᠨ ᠲᠥᠪᠰᠢᠨ ᠠᠴᠠ ᠳᠡᠭᠡᠭᠰᠢ 2334.7 ᠮᠧᠲᠷ ᠲᠤ ᠬᠦᠷᠴᠠᠢ᠃ ᠳᠣᠯᠣᠭᠠᠨ ᠣᠷᠣᠰᠬᠠᠯ ᠭᠤᠣᠯ ᠲᠠᠢ᠂ ᠣᠯᠠᠩᠬᠢ ᠨᠢ ᠤᠯᠠᠷᠢᠯ ᠤᠨ ᠴᠢᠨᠠᠷᠲᠠᠢ ᠭᠤᠣᠯ ᠮᠦᠷᠡᠨ ᠪᠣᠯᠣᠨ᠎ᠠ᠃  ᠡᠯ ᠳ᠋ᠣᠣ ᠾᠧ ᠭᠤᠣᠯ᠂ ᠶᠢᠨ ᠽᠢ ᠾᠧ ᠭᠤᠣᠯ᠂ ᠰᠤᠮᠤᠨ ᠠᠭᠤᠯᠠ ᠶᠢᠨ ᠭᠤᠣᠯ ᠨᠢ ᠭᠠᠳᠠᠭᠠᠲᠣ ᠣᠷᠣᠰᠬᠠᠯᠲᠣ ᠭᠤᠣᠯ ᠪᠣᠯᠣᠨ᠎ᠠ᠃ᠡᠭᠦᠨ ᠤ ᠳᠣᠲᠣᠷ᠎ᠠ ᠡᠯ ᠳ᠋ᠣᠣ ᠾᠧ ᠭᠤᠣᠯ ᠨᠢ ᠬᠠᠮᠤᠭ ᠣᠷᠲᠣ ᠣᠷᠣᠰᠬᠠᠯᠲᠣ ᠭᠤᠣᠯ ᠪᠠᠶᠢᠵᠣ᠂ ᠪᠦᠬᠦ ᠣᠷᠲᠣ ᠨᠢ 87.5 ᠺᠢᠯᠣᠮᠧᠲᠷ᠃ 23 ᠳᠣᠮᠳᠠ ᠪᠠᠭ᠎ᠠ ᠵᠡᠷᠭᠡ ᠶᠢᠨ ᠨᠠᠭᠤᠷ ᠴᠦᠬᠦᠷᠦᠮ ᠲᠠᠢ᠂ ᠪᠦᠬᠦ ᠲᠠᠯᠠᠪᠠᠢ  ᠎ ᠨᠢ 4.28 ᠲᠡᠭᠰᠢ ᠳᠦᠷᠪᠡᠯᠵᠢᠨ ᠺᠢᠯᠣᠮᠧᠲᠷ᠂ ᠣᠯᠠᠩᠬᠢ ᠨᠢ ᠤᠯᠠᠷᠢᠯ ᠤᠨ ᠴᠢᠨᠠᠷᠲᠠᠢ ᠨᠠᠭᠤᠷ ᠴᠦᠬᠦᠷᠦᠮ  ᠂ ᠯᠣᠣ ᠯᠢ ᠬᠠᠢ ᠨᠠᠭᠤᠷ ᠵᠡᠷᠭᠡ ᠬᠠᠷᠢᠴᠠᠩᠭᠤᠢ ᠶᠡᠭᠡ ᠨᠠᠭᠤᠷ ᠴᠦᠬᠦᠷᠦᠮ ᠪᠠᠶᠢᠳᠠᠭ᠃ᠰᠢᠩ ᠾᠧ ᠰᠢᠶᠠᠨ ᠨᠢ ᠰᠡᠷᠢᠭᠦᠨ ᠪᠦᠰᠡᠨ ᠤ ᠡᠬᠡ ᠭᠠᠵᠠᠷ ᠤᠨ  ᠴᠢᠨᠠᠷᠲᠠᠢ ᠤᠯᠠᠷᠢᠯ ᠤᠨ ᠰᠠᠯᠬᠢᠨ ᠤ ᠵᠠᠷᠢᠮᠳᠤᠭ ᠬᠠᠭᠤᠷᠠᠢ ᠠᠭᠤᠷ ᠠᠮᠢᠰᠬᠤᠯ ᠲᠠᠢ᠃ ᠡᠪᠦᠯ ᠵᠤᠨ ᠤ ᠤᠯᠠᠷᠢᠯ ᠳᠤ ᠮᠣᠩᠭᠤᠯ ᠤᠨ ᠥᠨᠳᠦᠷᠯᠢᠭ ᠪᠠ ᠡᠬᠡ ᠭᠠᠵᠠᠷ ᠤᠨ ᠳᠣᠣᠷ᠎ᠠ ᠳᠠᠷᠣᠴᠠ ᠶᠢᠨ  ᠨᠥᠯᠥᠭᠡ ᠎ ᠶᠢ ᠬᠦᠷᠲᠡᠵᠦ᠂ ᠠᠭᠤᠷ ᠠᠮᠢᠰᠬᠤᠯ ᠤᠨ ᠬᠤᠪᠢᠷᠠᠯᠲᠠ ᠢᠯᠡᠷᠬᠡᠢ᠂ ᠬᠦᠢᠲᠡᠨ ᠬᠠᠯᠠᠭᠤᠨ ᠤ ᠵᠦᠷᠢᠶ᠎ᠡ ᠶᠡᠭᠡ᠂ ᠡᠬᠡ ᠭᠠᠵᠠᠷ ᠤᠨ ᠴᠢᠨᠠᠷᠲᠠᠢ ᠠᠭᠤᠷ ᠠᠮᠢᠰᠬᠤᠯ ᠤᠨ ᠣᠨᠴᠠᠯᠢᠭ ᠨᠢ ᠢᠯᠡᠡᠷᠬᠡᠢ ᠪᠠᠶᠢᠳᠠᠭ᠃ ᠵᠢᠯ ᠤᠨ ᠲᠣᠨᠳᠠᠰᠤᠨ ᠤ   ᠬᠡᠮᠵᠢᠶ᠎ᠡ 397 ᠮᠢᠯᠢᠮᠧᠲᠷ ᠣᠷᠴᠢᠮ ᠪᠠᠶᠢᠵᠣ᠂ ᠬᠠᠮᠤᠭ ᠦᠨᠳᠦᠷ ᠬᠤᠷ᠎ᠠ ᠲᠤᠨᠳᠠᠰᠤᠨ ᠤ ᠬᠡᠮᠵᠢᠶ᠎ᠡ ᠨᠢ 630 ᠮᠢᠯᠢᠮᠧᠲᠷ᠂ ᠬᠠᠮᠤᠭ ᠳᠣᠣᠷ᠎ᠠ  ᠲᠤᠨᠳᠠᠰᠤᠨ ᠤ ᠬᠡᠮᠵᠢᠶ᠎ᠡ 237 ᠮᠢᠯᠢᠮᠧᠲᠷ ᠪᠠᠶᠢᠵᠤ᠂ ᠭᠠᠵᠠᠷ ᠤᠨ ᠭᠠᠳᠠᠷᠭᠤ ᠶᠢᠨ ᠣᠰᠣᠨ ᠤ ᠡᠬᠢ ᠰᠤᠷᠪᠤᠯᠵᠢ ᠶᠢᠨ ᠤᠷᠤᠰᠬᠠᠯ ᠤᠨ ᠬᠡᠮᠵᠢᠶ᠎ᠡ ᠨᠢ 10373.9 ᠲᠦᠮᠡᠨ ᠺᠦᠪ ᠮᠧᠲᠷ ᠬᠦᠷᠴᠠᠢ᠃ ᠵᠢᠯ ᠤᠨ ᠳᠣᠮᠳᠠᠴᠢ ᠠᠭᠤᠷᠰᠢᠯᠲᠠ ᠶᠢᠨ ᠬᠡᠮᠵᠢᠶ᠎ᠡ ᠨᠢ 2036.8 ᠮᠢᠯᠢᠮᠧᠲᠷ ᠂ ᠵᠢᠯ ᠤᠨ ᠳᠤᠮᠳᠠᠴᠢ ᠪᠤᠷᠤᠭᠠᠨ ᠤ ᠬᠡᠮᠵᠢᠶᠡᠨ ᠤ ᠲᠠᠪᠤᠨ ᠳᠠᠬᠢᠨ ᠶᠤᠮ᠃ ᠵᠢᠯ ᠤᠨ ᠳᠤᠮᠳᠠᠴᠢ ᠨᠠᠷᠠᠨ ᠤ ᠲᠣᠰᠤᠯᠲᠠ ᠎ ᠨᠢ 2872 ᠴᠠᠭ ᠪᠠᠶᠢᠵᠤ᠂ 2300 —2400   ᠭᠷᠡᠳᠦ᠋ᠰ ᠶᠢᠨ ᠢᠯᠴᠢ ᠶᠢᠨ ᠬᠤᠷᠠᠮᠳᠤᠯ ᠲᠠᠢ  ᠂ 95—135 ᠬᠢᠷᠠᠭᠤ ᠦᠭᠡᠢ ᠡᠲᠥᠷ ᠲᠠᠢ᠃ ᠭᠠᠵᠠᠷ ᠤᠷᠤᠨ ᠤ ᠰᠠᠯᠬᠢᠨ ᠬᠤᠷᠳᠤᠴᠠ ᠬᠠᠷᠢᠴᠠᠩᠭᠤᠢ ᠥᠨᠳᠥᠷ ᠪᠠᠶᠢᠵᠤ᠂ ᠶᠡᠭᠡ ᠰᠠᠯᠬᠢᠨ ᠲᠠᠢ ᠡᠳᠥᠷ ᠬᠠᠷᠢᠴᠠᠩᠭᠤᠢ ᠣᠯᠠᠨ᠃ ᠵᠢᠯ ᠤᠨ ᠳᠣᠮᠳᠠᠴᠢ ᠰᠠᠯᠬᠢᠨ ᠬᠤᠷᠳᠤᠴᠠ ᠨᠢᠭᠡ ᠰᠧᠺᠦ᠋ᠨ᠋ᠳ᠋ ᠲᠤ 3.7 ᠮᠧᠲᠷ᠂ ᠵᠢᠯ ᠳᠤ ᠳᠤᠮᠳᠠᠴᠢ ᠎ ᠪᠠᠷ 4 5 ᠡᠳᠦᠷ ᠶᠡᠭᠡ ᠰᠠᠯᠬᠢᠨ ᠲᠠᠢ᠂ ᠶᠡᠬᠡᠩᠬᠢ ᠳᠡᠭᠡᠨ ᠡᠪᠦᠯ  ᠬᠠᠪᠤᠷ ᠤᠨ ᠤᠯᠠᠷᠢᠯ ᠳᠤ ᠰᠠᠯᠬᠢᠯᠠᠨ᠎ᠠ᠃ ᠵᠢᠯ ᠤᠨ ᠳᠤᠮᠳᠠᠴᠢ ᠠᠭᠠᠷ ᠤᠨ ᠳᠤᠯᠠᠭᠠᠨ ᠨᠢ 4.2 ᠭᠷᠡᠳᠦ᠋ᠰ᠂ ᠨᠢᠭᠡᠳᠦᠭᠡᠷ ᠰᠠᠷ᠎ᠠ ᠳᠤ ᠬᠠᠮᠤᠭ ᠬᠥᠢᠲᠡᠨ᠂  ᠳᠤᠮᠳᠠᠴᠢ ᠠᠭᠠᠷ ᠤᠨ ᠳᠤᠯᠠᠭᠠᠨ ᠨᠢ ᠲᠡᠭ ᠠᠴᠠ ᠳᠣᠷᠣᠭᠰᠢ 13.8 ᠭᠷᠡᠳᠦ᠋ᠰ᠂ ᠬᠠᠮᠤᠭ ᠬᠥᠢᠲᠡᠨ ᠦᠶ᠎ᠡ ᠳᠤ ᠠᠭᠠᠷ ᠤᠨ ᠳᠤᠯᠠᠭᠠᠨ ᠨᠢ ᠲᠡᠭ ᠠᠴᠠ ᠳᠣᠷᠣᠭᠰᠢ 33.8 ᠭᠷᠡᠳᠦ᠋ᠰ᠂ ᠳᠣᠯᠣᠳᠣᠭᠠᠷ ᠰᠠᠷ᠎ᠠ ᠳᠤ ᠬᠠᠮᠤᠭ ᠬᠠᠯᠠᠭᠤᠨ ᠪᠠᠶᠢᠵᠤ᠂ ᠳᠣᠮᠳᠠᠴᠢ ᠠᠭᠠᠷ ᠤᠨ ᠳᠣᠯᠠᠭᠠᠨ ᠨᠢ 19.9  ᠭᠷᠡᠳᠦ᠋ᠰ᠂ ᠬᠠᠮᠤᠭ ᠬᠠᠯᠠᠭᠤᠨ ᠦᠶ᠎ᠡ ᠶᠢᠨ ᠠᠭᠠᠷ ᠤᠨ ᠳᠤᠯᠠᠭᠠᠨ ᠨᠢ 36 ᠭᠷᠡᠳᠦ᠋ᠰ᠃ ᠶᠡᠷᠦᠳᠡᠭᠡᠨ 11 ᠰᠠᠷ᠎ᠠ ᠶᠢᠨ ᠡᠬᠢᠨ ᠪᠣᠶᠣ ᠳᠤᠮᠳᠠ ᠠᠴᠠ ᠡᠬᠢᠯᠡᠨ ᠭᠠᠵᠠᠷ ᠬᠦᠯᠳᠡᠵᠦ᠂ ᠳᠠᠷᠠᠭ᠎ᠠ ᠵᠢᠯ ᠎ ᠶᠢᠨ ᠬᠢᠨᠢ 3 ᠰᠠᠷ᠎ᠠ ᠶᠢᠨ ᠰᠡᠭᠦᠯᠴᠢ ᠪᠣᠶᠣ 4 ᠰᠠᠷ᠎ᠠ ᠶᠢᠨ ᠡᠬᠢᠨ ᠢᠶᠠᠷ ᠭᠢᠰᠴᠦ ᠡᠬᠢᠯᠡᠳᠡᠭ᠃      ᠰᠢᠩ ᠾᠧ ᠰᠢᠶᠠᠨ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠯᠠᠭᠠᠨᠴᠠᠪ ᠬᠤᠲᠠ ᠶᠢᠨ ᠵᠡᠭᠦᠨ ᠡᠮᠦᠨ᠎ᠡ ᠪᠡᠶ᠎ᠡ ᠳᠤ ᠪᠠᠶᠢᠷᠢᠯᠠᠵᠣ᠂ ᠰᠢᠶᠠᠨ ᠤ ᠭᠠᠵᠠᠷ ᠳᠡᠪᠢᠰᠬᠡᠷ ᠤᠨ ᠪᠦᠬᠦ ᠲᠠᠯᠠᠪᠠᠢ ᠨᠢ 3512.43 ᠲᠡᠭᠰᠢ ᠳᠦᠷᠪᠡᠯᠵᠢᠨ ᠺᠢᠯᠣᠮᠧᠲᠷ ᠪᠠᠶᠢᠵᠤ᠂ ᠡᠮᠦᠨᠡᠰᠢ ᠤᠮᠠᠷᠠᠰᠢ ᠤᠷᠲᠤ ᠪᠠᠷ ᠢᠶᠠᠨ ᠪᠠᠷᠤᠭ 109 ᠺᠢᠯᠣᠮᠧᠲᠷ᠂ ᠵᠡᠭᠦᠨᠰᠢ ᠪᠠᠷᠠᠭᠤᠨᠰᠢ ᠦᠷᠭᠡᠨ ᠢᠶᠠᠷ ᠢᠶᠠᠨ ᠪᠠᠷᠤᠭ 67 ᠺᠢᠯᠣᠮᠧᠲᠷ  ᠪᠠᠶᠢᠳᠠᠭ᠃ ᠵᠡᠭᠦᠨᠰᠢ ᠪᠠᠨ ᠮᠣᠨᠢ ᠠᠭᠤᠯᠠ᠂ ᠠᠭᠤᠢ ᠠᠭᠤᠯᠠ ᠪᠠᠷ ᠵᠠᠭᠠᠭᠯᠠᠵᠣ᠂ ᠾᠧᠪᠧᠢ ᠮᠤᠵᠢ ᠶᠢᠨ ᠱᠠᠩ ᠢ ᠰᠢᠶᠠᠨ ᠲᠠᠢ ᠬᠦᠷᠰᠢᠯᠡᠨ᠂ ᠡᠮᠦᠨ᠎ᠡ ᠪᠠᠨ ᠤᠷᠲᠤ ᠴᠠᠭᠠᠨ ᠬᠡᠷᠡᠮ᠂ ᠳ᠋ᠠ ᠨᠠᠨ ᠱᠠᠨ ᠢᠶᠠᠷ ᠵᠠᠭᠠᠭᠯᠠᠵᠤ᠂ ᠾᠧᠪᠧᠢ ᠮᠤᠵᠢ ᠶᠢᠨ ᠬᠤᠸᠠᠢ ᠠᠨ ᠰᠢᠶᠠᠨ᠂ ᠱᠠᠨ ᠰᠢ ᠮᠤᠵᠢ ᠶᠢᠨ ᠲᠢᠶᠠᠨ ᠵᠧᠨ ᠰᠢᠶᠠᠨ᠂ ᠶᠠᠩ ᠭᠤᠣ  ᠰᠢᠶᠠᠨ ᠲᠠᠢ  ᠵᠠᠯᠭᠠᠯᠳᠠᠨ᠂ ᠪᠠᠷᠠᠭᠤᠨᠰᠢ ᠪᠠᠨ ᠹᠧᠩᠽᠧᠨ ᠬᠤᠲᠠ᠂ ᠴᠠᠬᠠᠷ ᠪᠠᠷᠠᠭᠤᠨ ᠭᠠᠷᠣᠨ ᠡᠮᠦᠨᠡᠲᠦ ᠬᠤᠰᠢᠭᠤ ᠲᠠᠢ ᠬᠦᠷᠰᠢᠯᠡᠨ᠂ ᠣᠮᠠᠷᠠᠰᠢ ᠪᠠᠨ ᠴᠠᠬᠠᠷ ᠪᠠᠷᠠᠭᠤᠨ ᠬᠤᠶᠢᠲᠣ ᠬᠤᠰᠢᠭᠤ᠂ ᠱᠠᠩᠲᠣ ᠰᠢᠶᠠᠨ ᠲᠠᠢ ᠬᠦᠷᠰᠢᠯᠡᠨ ᠨᠡᠶᠢᠯᠡᠵᠣ ᠪᠠᠶᠢᠨ᠎ᠠ᠃ ᠾᠧᠪᠧᠢ  ᠮᠤᠵᠢ᠂ ᠱᠠᠨ ᠰᠢ ᠮᠤᠵᠢ᠂ ᠥᠪᠥᠷ ᠮᠣᠩᠭᠤᠯ ᠤᠨ  ᠥᠪᠡᠷᠲᠡᠭᠡᠨ ᠵᠠᠰᠠᠬᠤ ᠣᠷᠣᠨ ᠵᠡᠷᠭᠡ ᠭᠤᠷᠪᠠᠨ  ᠮᠤᠵᠢ ᠶᠢᠨ ᠵᠠᠭᠠᠭ ᠲᠤ ᠪᠠᠶᠢᠷᠢᠯᠠᠵᠠᠢ᠃      ᠰᠢᠩ ᠾᠧ ᠰᠢᠶᠠᠨ ᠨᠢ  ᠣᠳᠣ ᠴᠧᠩ  ᠭᠤᠸᠠᠨ ᠪᠠᠯᠭᠠᠰᠣ᠂ ᠵᠠᠩ ᠭᠤᠣ  ᠪᠠᠯᠭᠠᠰᠣ᠂ ᠳ᠋ᠢᠶᠠᠨ ᠽᠢ ᠪᠠᠯᠭᠠᠰᠣ᠂ ᠰᠠᠶᠢᠬᠤᠰᠣ ᠪᠠᠯᠭᠠᠰᠣ᠂ ᠡᠷᠳᠡᠨᠢ ᠪᠠᠯᠭᠠᠰᠣ᠂ ᠶᠡᠭᠡ ᠬᠦᠷᠢᠶ᠎ᠡ ᠰᠢᠶᠠᠩ᠂ ᠥᠨᠳᠥᠰᠥᠲᠡᠨ ᠤ ᠪᠥᠯᠬᠦᠮᠳᠡᠯ ᠰᠢᠶᠠᠩ᠂ ᠳ᠋ᠠ ᠲᠥᠩ ᠶᠣᠣ ᠰᠢᠶᠠᠩ᠂ ᠦ᠋ ᠭᠦ᠋ ᠴᠢᠤᠸᠠᠨ ᠰᠢᠶᠠᠩ᠂ ᠵᠡᠷᠭᠡ ᠲᠠᠪᠣᠨ ᠪᠠᠯᠭᠠᠰᠤ᠂ ᠳᠦᠷᠪᠡᠨ ᠰᠢᠶᠠᠩ ᠎ ᠲᠠᠢ᠃161 ᠲᠣᠰᠬᠤᠨ ᠤ ᠠᠷᠠᠳ ᠤᠨ ᠵᠦᠪᠯᠡᠯ ᠵᠢᠴᠢ 867 ᠲᠣᠰᠬᠤᠨ ᠤ ᠠᠷᠠᠳ ᠤᠨ ᠪᠠᠭ᠎ᠠ ᠳᠤᠭᠤᠶᠢᠯᠠᠩ ᠲᠠᠢ ᠃ ᠪᠦᠬᠦ ᠰᠢᠶᠠᠨ ᠎ ᠳᠤ ᠨᠡᠶᠢᠲᠡ 33.2 ᠲᠦᠮᠡᠨ ᠬᠦᠮᠦᠨ ᠠᠮᠠ ᠲᠠᠢ᠂ ᠡᠭᠦᠨ ᠳᠤ 25.3 ᠲᠦᠮᠡᠨ ᠬᠦᠳᠡᠭᠡ ᠳᠣᠰᠬᠤᠨ ᠤ ᠬᠦᠮᠦᠨ ᠠᠮᠠ ᠲᠠᠢ᠃ ᠬᠦᠮᠦᠨ ᠠᠮᠠ ᠶᠢᠨ ᠨᠢᠭᠳᠠᠴᠠ ᠨᠢ ᠨᠢᠭᠡ ᠲᠡᠭᠰᠢ ᠳᠦᠷᠪᠡᠯᠵᠢᠨ ᠺᠢᠯᠣᠮᠧᠲᠷ ᠪᠦᠷᠢ ᠳᠤ 89 ᠬᠦᠮᠦᠨ᠃ ᠬᠢᠲᠠᠳ ᠥᠨᠳᠥᠰᠥᠲᠡᠨ᠂ ᠮᠣᠩᠭᠤᠯ ᠥᠨᠳᠥᠰᠥᠲᠡᠨ᠂ ᠬᠤᠲᠣᠩ ᠥᠨᠳᠥᠰᠥᠲᠡᠨ᠂ ᠮᠠᠨᠵᠣ ᠥᠨᠳᠥᠰᠥᠲᠡᠨ᠂ ᠮᠢᠶᠣᠣ ᠥᠨᠳᠥᠰᠥᠲᠡᠨ᠂ ᠭᠤᠣ ᠱᠠᠨ ᠥᠨᠳᠥᠰᠥᠲᠡᠨ ᠵᠡᠷᠭᠡ 10 ᠥᠨᠳᠥᠰᠥᠲᠡᠨ ᠲᠠᠢ᠂ ᠮᠣᠩᠭᠤᠯ ᠥᠨᠳᠥᠰᠥᠲᠡᠨ ᠢᠶᠠᠷ ᠭᠤᠣᠯᠯᠠᠨ᠂ ᠬᠢᠲᠠᠳ ᠥᠨᠳᠥᠰᠥᠲᠡᠨ ᠶᠡᠬᠡᠩᠭᠡᠢ ᠲᠤᠭ᠎ᠠ ᠶᠢ ᠡᠵᠡᠯᠡᠭᠰᠡᠨ ᠦᠨᠳᠦᠰᠦᠲᠡᠨ ᠤ ᠰᠠᠭᠤᠷᠢᠰᠢᠨ ᠰᠠᠭᠤᠭ᠎ᠠ ᠭᠠᠵᠠᠷ ᠪᠣᠯᠣᠨ᠎ᠠ᠃ ᠠᠳᠡ ᠭᠦᠨ ᠵᠤᠵᠠᠭᠠᠨ ᠲᠡᠥᠬᠡ ᠰᠣᠶᠣᠯ ᠲᠠᠢ᠂ ᠦᠵᠡᠮᠵᠢ ᠲᠡᠭᠦᠯᠳᠡᠷ ᠠᠭᠤᠯᠠ ᠤᠰᠤ ᠲᠠᠢ᠂ ᠡᠯᠪᠡᠭ ᠪᠠᠶᠠᠨ ᠪᠤᠳᠠᠰ ᠤᠨ ᠥᠪ  ᠬᠦᠷᠦᠩᠭᠡ ᠲᠠᠢ ᠪᠠᠷ ᠪᠠᠷᠠᠬᠤ ᠦᠭᠡᠢ ᠪᠠᠰᠠ ᠪᠣᠷᠣᠭᠵᠢᠭᠤᠨ ᠰᠠᠶᠢᠬᠠᠨ ᠥᠨᠳᠥᠰᠥᠲᠡᠨ ᠤ ᠵᠠᠩ ᠦᠢᠯᠡ ᠲᠠᠢ᠂ ᠨᠢᠭᠡᠨ ᠣᠨᠴᠠᠯᠢᠭ ᠲᠠᠢ᠂ ᠡᠶ᠎ᠡ ᠨᠠᠶᠢᠷᠠᠮᠳᠠᠭᠤ᠂ ᠦᠵᠡᠰᠭᠦᠯᠡᠩᠲᠦ ᠰᠠᠶᠢᠬᠠᠨ ᠬᠢᠯᠢ ᠶᠢᠨ ᠰᠢᠶᠠᠨ ᠶᠤᠮ᠃      ᠰᠢᠩ ᠾᠧ ᠰᠢᠶᠠᠨ ᠨᠢ ᠤᠯᠠᠭᠠᠨᠴᠠᠪ᠂ ᠳ᠋ᠠ ᠲᠥᠩ᠂ ᠴᠢᠭᠤᠯᠭᠠᠲᠤ ᠬᠠᠭᠠᠯᠭ᠎ᠠ  ᠭᠤᠷᠪᠠᠨ ᠬᠤᠲᠠ ᠶᠢᠨ ᠠᠭᠤᠯᠵᠠᠭᠤᠷ ᠣᠷᠣᠨ ᠳᠤ ᠪᠠᠶᠢᠷᠢᠯᠠᠵᠤ᠂ ᠵᠡᠭᠦᠨᠰᠢ ᠨᠡᠶᠢᠰᠯᠡᠯ ᠪᠡᠭᠡᠵᠢᠩ ᠠᠴᠠ240 ᠺᠢᠯᠣᠮᠧᠲᠷ᠂ ᠪᠠᠷᠠᠭᠤᠨᠰᠢ ᠣᠷᠣᠨ ᠤ ᠲᠥᠪ ᠬᠦᠬᠡᠬᠤᠲᠡ ᠠᠴᠠ 220 ᠺᠢᠯᠣᠮᠧᠲᠷ᠂ ᠡᠮᠦᠨᠡᠰᠢ ᠱᠠᠨ ᠰᠢ ᠮᠤᠵᠢ ᠶᠢᠨ ᠳ᠋ᠠ ᠲᠥᠩ ᠠᠴᠠ150 ᠺᠢᠯᠣᠮᠧᠲᠷ᠂ ᠪᠠᠷᠠᠭᠤᠨ ᠬᠤᠶᠢᠰᠢ ᠤᠯᠠᠭᠠᠨᠴᠠᠪ ᠠᠴᠠ4 5 ᠺᠢᠯᠣᠮᠧᠲᠷ᠂ ᠵᠡᠭᠦᠨ ᠡᠮᠦᠨᠡᠰᠢ ᠴᠢᠭᠤᠯᠭᠠᠲᠣ ᠬᠠᠭᠠᠯᠭ᠎ᠠ ᠠᠴᠠ 100 ᠺᠢᠯᠣᠮᠧᠲᠷ ᠵᠠᠶᠢᠲᠠᠢ᠃ ᠳᠤᠮᠳᠠᠳᠣ ᠤᠯᠣᠰ ᠤᠨ ᠪᠠᠷᠠᠭᠤᠨ ᠣᠷᠣᠨ ᠪᠣᠯᠣᠨ ᠥᠪᠥᠷ ᠮᠣᠩᠭᠤᠯ ᠤᠨ ᠨᠡᠶᠢᠰᠯᠡᠯ ᠪᠡᠭᠡᠵᠢᠩ ᠠᠴᠠ ᠬᠠᠮᠤᠭ ᠤᠨ ᠣᠶᠢᠷ᠎ᠠ ᠰᠢᠶᠠᠨ  ᠶᠤᠮ᠃ 110 ᠳ᠋ᠤᠭᠠᠷ ᠣᠯᠣᠰ ᠤᠨ ᠵᠠᠮ᠂ ᠵᠢᠩ ᠽᠠᠩ  ᠥᠨᠳᠥᠷ ᠬᠤᠷᠳᠤᠴᠠᠲᠤ  ᠵᠠᠰᠠᠮᠠᠯ ᠵᠠᠮ ︵G6︶᠂ ᠵᠢᠩ ᠰᠢᠨ ᠥᠨᠳᠥᠷ  ᠬᠤᠷᠳᠤᠴᠠᠲᠤ ᠵᠠᠰᠠᠮᠠᠯ ᠵᠠᠮ ︵G7︶᠂ ᠶᠢ ᠵᠠᠩ ᠲᠡᠮᠦᠷ ᠵᠠᠮ᠂ ᠲᠣᠭᠲᠠᠬᠤ ᠰᠢᠶᠠᠨ ᠠᠴᠠ ᠰᠢᠩ ᠾᠧ ᠬᠦᠷᠬᠦ ᠨᠡᠭᠦᠷᠡᠰᠦ ᠵᠦᠭᠡᠪᠦᠷᠢᠯᠡᠬᠦ ᠬᠦᠨᠳᠦ ᠠᠴᠢᠶᠠᠲᠤ ᠥᠨᠳᠥᠷ ᠬᠤᠷᠳᠤᠴᠠᠲᠤ ᠵᠠᠰᠠᠮᠠᠯ ᠵᠠᠮ ᠰᠢᠩ  ᠾᠧ ᠰᠢᠶᠠᠨ ᠳᠤ ᠨᠡᠪᠲᠡᠷᠡᠵᠦ᠂ ᠪᠡᠭᠡᠵᠢᠩ ᠠᠴᠠ ᠬᠦᠬᠡᠬᠤᠲᠠ  ᠬᠦᠷᠬᠦ ᠰᠤᠮᠤᠨ ᠭᠠᠯᠲᠤ ᠲᠡᠷᠭᠡ ᠪᠠᠶᠢᠭᠤᠯᠥᠭ᠌ᠳᠠᠵᠤ ᠪᠠᠶᠢᠨ᠎ᠠ᠃ ᠵᠢᠨᠢᠩ ᠠᠴᠠ ᠱᠠᠩᠲᠤ ᠬᠦᠷᠬᠦ ᠵᠠᠮ᠂ ᠰᠢᠩ ᠾᠧ ᠠᠴᠠ  ᠹᠸᠩᠵᠸᠨ ᠬᠦᠷᠬᠦ ᠵᠠᠮ᠂ ᠰᠤᠮᠤᠨ ᠠᠭᠤᠯᠠ ᠶᠢᠨ ᠵᠢᠭᠤᠯᠴᠢᠯᠠᠯ ᠤᠨ ᠵᠠᠮ ᠱᠤᠭᠤᠮ ᠵᠡᠷᠭᠡ14 ᠵᠠᠮ ᠬᠠᠷᠢᠴᠠᠭᠠᠨ ᠤ ᠱᠣᠭᠤᠮ ᠬᠦᠨᠳᠡᠯᠢᠰᠢᠨ ᠵᠦᠷᠢᠯᠳᠦᠵᠦ᠂ ᠲᠦᠷᠪᠡᠨ ᠵᠦᠭ ᠨᠠᠢᠮᠠᠨ  ᠵᠤᠪᠬᠢᠰ ᠲᠤ ᠨᠡᠪᠲᠡᠷᠡᠨ᠎ᠡ᠃      ᠭᠠᠵᠠᠷ ᠰᠢᠷᠣᠢ ᠶᠢᠨ ᠡᠬᠢ ᠪᠠᠶᠠᠯᠢᠭ᠃ ᠰᠢᠩ ᠾᠧ ᠰᠢᠶᠠᠨ ᠤ ᠨᠣᠲᠤᠭ ᠳᠡᠪᠢᠰᠬᠡᠷ ᠨᠢ ᠤᠷᠲᠤ ᠪᠠᠷ ᠢᠶᠠᠨ 109 ᠺᠢᠯᠣᠮᠧᠲᠷ᠂ ᠦᠷᠭᠡᠨ ᠢᠶᠠᠷ ᠢᠶᠠᠨ 67 ᠺᠢᠯᠣᠮᠧᠲᠷ᠂ ᠨᠡᠶᠢᠲᠡ ᠲᠠᠯᠠᠪᠠᠢ ᠨᠢ 3518 ᠲᠡᠭᠰᠢ ᠲᠦᠷᠪᠡᠯᠵᠢᠨ ᠺᠢᠯᠣᠮᠧᠲᠷ ᠪᠠᠶᠢᠵᠣ᠂ ᠡᠭᠦᠨ ᠳᠤ ᠠᠲᠠᠷ ᠬᠠᠭᠠᠯᠪᠤᠷᠢᠯᠠᠭᠰᠠᠨ ᠲᠠᠯᠠᠪᠠᠢ ᠨᠢ 104 ᠲᠦᠮᠡᠨ ᠮᠦ᠂ ᠠᠰᠢᠭᠯᠠᠵᠣ  ᠪᠣᠯᠬᠤ ᠭᠠᠵᠠᠷ ᠰᠢᠷᠣᠢ ᠶᠢᠨ ᠡᠬᠢ ᠪᠠᠶᠠᠯᠢᠭ ᠡᠯᠪᠡᠭ  ᠪᠠᠶᠢᠳᠠᠭ᠃      ᠠᠭᠤᠷᠬᠠᠢ ᠶᠢᠨ ᠡᠬᠢ ᠪᠠᠶᠠᠯᠢᠭ᠃ ᠬᠢᠯᠢ ᠶᠢᠨ ᠳᠣᠲᠣᠷ᠎ᠠ ᠨᠢᠭᠡᠨᠲᠡ ᠰᠢᠨᠵᠢᠯᠡᠨ ᠲᠣᠳᠣᠯᠠᠭᠰᠠᠨ ᠠᠭᠤᠷᠬᠠᠢ ᠶᠢᠨ ᠪᠤᠯᠠᠭᠳᠠᠴᠠ ᠪᠠᠯ ᠴᠢᠯᠠᠭᠤ᠂ ᠴᠢᠭᠢᠭᠯᠢᠭ ᠰᠢᠷᠤᠢ᠂ ᠬᠠᠰ ᠪᠠᠯ ᠴᠢᠯᠠᠭᠤ᠂ ᠴᠠᠬᠢᠭᠤᠷ ᠤᠲᠠᠰᠤᠲᠤ ᠴᠢᠯᠠᠭᠤ᠂ ᠴᠣᠬᠤᠢ ᠶᠢᠨ ᠴᠢᠯᠠᠭᠤ᠂ ᠪᠢᠨᠳᠠᠷᠢᠶ᠎ᠠ᠂ ᠭᠠᠨᠳᠢᠭ ᠴᠢᠯᠠᠭᠤ᠂ ᠪᠣᠯᠣᠷ ᠴᠢᠯᠠᠭᠤ᠂ ᠬᠠᠶᠢᠷᠰᠣᠲᠣ ᠬᠦᠳᠡᠷ᠂ ᠴᠠᠭᠠᠨ ᠭᠢᠯᠲᠠᠭᠠᠨᠠᠭᠤᠷ᠂ ᠸᠤᠯᠹᠷᠡᠮ ᠬᠦᠳᠡᠷ᠂ ᠲᠡᠮᠦᠷ ᠤᠨ ᠬᠦᠳᠡᠷ ᠵᠡᠷᠭᠡ 30 ᠭᠠᠷᠣᠢ ᠲᠦᠷᠦᠯ ᠪᠠᠶᠢᠳᠠᠭ᠃ ᠡᠭᠦᠨ ᠳᠤ ᠪᠠᠯ  ᠴᠢᠯᠠᠭᠤᠨ ᠪᠤᠯᠠᠭᠳᠠᠴᠠ ᠨᠢ ᠪᠦᠬᠦ ᠤᠯᠤᠰ ᠤᠨ ᠭᠤᠷᠪᠠᠨ ᠶᠡᠭᠡ  ᠪᠠᠯ ᠴᠢᠯᠠᠭᠤᠨ ᠰᠠᠭᠤᠷᠢᠨ ᠭᠠᠵᠠᠷ ᠤᠨ ᠨᠢᠭᠡ ᠪᠣᠯᠣᠨ᠎ᠠ᠃ ᠪᠠᠶᠢᠭᠠᠯᠢᠯᠢᠭ ᠬᠠᠶᠢᠷᠰᠣᠲᠣ ᠪᠠᠯ ᠴᠢᠯᠠᠭᠤ ᠭᠠᠵᠠᠷ ᠲᠤ ᠬᠠᠳᠠᠭᠠᠯᠠᠭᠳᠠᠵᠤ ᠪᠠᠶᠢᠬᠤ ᠬᠡᠮᠵᠢᠶ᠎ᠡ ᠨᠢ 3733 ᠲᠦᠮᠡᠨ ᠲᠣᠨ᠂ ᠴᠢᠨᠠᠷ ᠤᠨ ᠳᠡᠰ ᠨᠢ 2.5—5%᠃  ᠣᠳᠣ 10 ᠭᠠᠷᠣᠢ ᠪᠠᠯ ᠴᠢᠯᠠᠭᠤᠨ ᠠᠭᠤᠷᠬᠠᠢ ᠶᠢᠨ ᠠᠵᠤ ᠠᠬᠤᠶᠢᠯᠠᠯ ᠪᠠᠶᠢᠵᠤ᠂ ᠵᠢᠯ ᠤᠨ ᠥᠢᠯᠡᠳᠪᠦᠷᠢᠯᠡᠬᠦ ᠨᠡᠭᠦᠷᠦᠰᠦᠳᠦᠷᠦᠭᠴᠢᠲᠦ ᠪᠠᠯ ᠴᠢᠯᠠᠭᠤ 1.5 ᠲᠦᠮᠡᠨ ᠲᠤᠨ ᠃ ᠴᠢᠭᠢᠭᠯᠢᠭ ᠰᠢᠷᠣᠢ ᠶᠢᠨ ᠠᠭᠤᠷᠬᠠᠢ ᠪᠣᠯ ᠤᠮᠠᠷᠠᠲᠤ ᠣᠷᠣᠨ ᠤ ᠠᠩᠬ᠎ᠠ ᠢᠯᠡᠷᠡᠭᠦᠯᠦᠭᠰᠡᠨ ᠲᠣᠮᠣ ᠬᠡᠯᠪᠡᠷᠢ ᠶᠢᠨ ᠠᠭᠤᠷᠬᠠᠢ ᠪᠣᠯᠣᠨ᠎ᠠ᠃ ᠮᠦᠨᠴᠦ ᠣᠯᠣᠰ ᠤᠨ ᠨᠢᠭᠡᠳᠦᠭᠡᠷ ᠳᠡᠰ ᠤᠨ ᠴᠢᠭᠢᠭᠯᠢᠭ ᠰᠢᠷᠣᠢ ᠶᠢᠨ ᠠᠭᠤᠷᠬᠠᠢ ᠪᠣᠯᠣᠨ᠎ᠠ᠃ ᠨᠡᠶᠢᠲᠡ ᠪᠤᠯᠠᠭᠳᠠᠴᠠ ᠶᠢᠨ ᠬᠠᠳᠠᠭᠠᠯᠠᠮᠵᠢ ᠨᠢ 1.7 ᠳ᠋ᠦᠩᠰᠢᠭᠤᠷ  ᠲᠣᠨ ᠪᠠᠶᠢᠵᠤ᠂ ᠡᠬᠦᠨ ᠤ ᠳᠣᠲᠣᠷ᠎ᠠ ᠺᠠᠯᠼ ᠶᠢᠨ ᠰᠠᠭᠤᠷᠢ ᠰᠢᠷᠤᠢ 0.5  ᠳ᠋ᠦᠩᠰᠢᠭᠤᠷ ᠲᠣᠨ᠂ ᠨᠠᠲᠷᠢ ᠶᠢᠨ ᠰᠠᠭᠤᠷᠢ ᠰᠢᠷᠣᠢ 1.2 ᠳ᠋ᠦᠩᠰᠢᠭᠤᠷ ᠲᠣᠨ ᠡᠵᠡᠯᠡᠵᠤ ᠪᠠᠶᠢᠳᠠᠭ᠃  ᠣᠳᠣ ᠬᠤᠶᠠᠷ ᠨᠡᠭᠡᠭᠡᠨ ᠬᠦᠭᠵᠢᠭᠦᠯᠵᠦ ᠪᠣᠯᠪᠠᠰᠤᠷᠠᠭᠤᠯᠬᠤ ᠠᠵᠣ ᠠᠬᠤᠶᠢᠯᠠᠯ ᠲᠠᠢ᠂ ᠵᠢᠯ ᠤᠨ ᠴᠢᠭᠢᠭᠯᠢᠭ ᠰᠢᠷᠣᠢ ᠶᠢᠨ ᠭᠠᠷᠣᠯᠲᠠ 1.6 ᠲᠦᠮᠡᠨ ᠲᠣᠨ᠂ ᠨᠡᠪᠴᠡᠬᠦ ᠶᠢ ᠰᠡᠷᠭᠡᠶᠢᠯᠡᠬᠦ ᠬᠢᠪᠢᠰ 5000 ᠲᠡᠭᠰᠢ ᠲᠦᠷᠪᠡᠯᠵᠢᠨ ᠮᠧᠲᠷ  ᠪᠠᠶᠢᠨ᠎ᠠ᠃      ᠠᠮᠢᠲᠠᠨ ᠤᠷᠭᠤᠮᠠᠯ ᠤᠨ ᠡᠬᠢ ᠪᠠᠶᠠᠯᠢᠭ᠃ ᠰᠢᠩ ᠾᠧ ᠰᠢᠶᠠᠨ ᠤ ᠬᠢᠯᠢ ᠳᠣᠳᠣᠷ᠎ᠠ ᠵᠡᠷᠯᠢᠭ ᠠᠮᠢᠲᠠᠨ ᠤ ᠡᠬᠢ ᠪᠠᠶᠠᠯᠢᠭ ᠨᠢ ᠭᠤᠣᠯᠳᠠᠭᠤ ᠵᠡᠷᠯᠢᠭ ᠲᠠᠥᠯᠠᠢ᠂ ᠪᠣᠷᠤ ᠭᠦᠷᠦᠬᠡᠰᠦ᠂ ᠬᠠᠳᠠᠨ ᠭᠤᠷᠭᠤᠣᠯ᠂ ᠠᠯᠠᠭ ᠬᠦᠵᠦᠭᠦᠲᠦ ᠭᠤᠷᠭᠤᠣᠯ ᠵᠡᠷᠭᠡ ᠪᠣᠢ᠃ ᠵᠡᠷᠯᠢᠭ ᠣᠷᠭᠤᠮᠠᠯ ᠭᠤᠣᠯᠳᠠᠭᠤ ᠵᠡᠷᠯᠢᠭ ᠵᠢᠮᠢᠰ ᠤᠨ ᠮᠣᠳᠣ᠂ ᠠᠭᠤᠯᠠᠨ ᠳ᠋ᠢᠩ ᠽᠢ᠂ ᠠᠭᠤᠯᠠᠨ ᠯᠢ ᠽᠢ᠂ ᠠᠭᠤᠯᠠᠨ ᠢᠨᠲ᠋ᠣᠣᠷ᠂ ᠠᠭᠤᠯᠠᠨ ᠲᠣᠯᠣᠨᠣ ᠵᠡᠷᠭᠡ ᠪᠣᠢ᠃ᠡᠮ ᠳᠤ ᠣᠷᠣᠳᠠᠭ ᠵᠡᠷᠯᠢᠭ ᠣᠷᠭᠤᠮᠠᠯ ᠤᠨ ᠲᠦᠷᠦᠯ  ᠣᠯᠠᠨ ᠪᠠᠶᠢᠵᠤ᠂ ᠡᠬᠦᠨ ᠳᠤ ᠬᠠᠮᠤᠭ ᠨᠡᠷ᠎ᠡ ᠠᠯᠳᠠᠷᠲᠠᠢ ᠨᠢ  ᠡᠮᠦᠨ᠎ᠡ ᠠᠭᠤᠯᠠ ᠶᠢᠨ ᠵᠧᠩ  ᠪᠧᠢ ᠬᠤᠨᠴᠢᠷ  ᠃  ᠠᠮᠤ ᠪᠤᠳᠠᠭᠠᠨ ᠤ ᠲᠠᠷᠢᠮᠠᠯ ᠨᠢ ᠭᠤᠣᠯᠳᠠᠭᠤ ᠲᠦᠮᠦᠰᠦ᠂ ᠡᠷᠳᠡᠨᠢ ᠰᠢᠰᠢ᠂ ᠢᠳᠡᠰᠢᠨ ᠨᠣᠭᠤᠭ᠎ᠠ᠂ ᠲᠣᠰᠣᠯᠢᠭ ᠣᠷᠭᠤᠮᠠᠯ  ᠪᠣᠯᠣᠨ ᠪᠣᠰᠣᠳ ᠬᠤᠯᠢᠮᠠᠭ ᠪᠣᠷᠴᠠᠭ᠂ ᠬᠤᠯᠢᠮᠠᠭ ᠠᠮᠤ᠂ ᠡᠭᠦᠨ ᠳᠤ ᠪᠦᠭᠡᠷᠡᠩᠭᠡᠢ ᠡᠰᠢᠲᠦ ᠨᠣᠭᠤᠭ᠎ᠠ᠂ ᠣᠷᠣᠰ ᠰᠣᠩᠭᠢᠨ᠎ᠠ᠂ ᠣᠯᠠᠭᠠᠨ ᠯᠣᠣᠪᠠᠩ᠂ ᠴᠤᠭᠤᠷ ᠨᠤᠭᠤᠭ᠎ᠠ᠂ ᠴᠠᠭᠠᠨ ᠨᠣᠭᠤᠭ᠎ᠠ ᠪᠠᠷ ᠭᠤᠣᠯ ᠪᠣᠯᠭᠠᠭᠰᠠᠨ ᠢᠳᠡᠰᠢᠨ ᠨᠣᠭᠤᠭ᠎ᠠ ᠨᠢ ᠥᠪᠡᠷᠲᠡᠭᠡᠨ ᠵᠠᠰᠠᠬᠤ ᠣᠷᠣᠨ ᠤ ᠪᠣᠬᠢᠷᠳᠣᠯ ᠦᠭᠡᠢ ᠲᠠᠷᠢᠶᠠᠯᠠᠩ ᠤᠨ   ᠪᠦᠲᠦᠭᠡᠭᠳᠡᠭᠦᠨ ᠪᠠ ᠦᠢᠯᠡᠳᠪᠦᠷᠢᠯᠡᠬᠦ ᠰᠠᠭᠤᠷᠢᠨ ᠭᠠᠵᠠᠷ᠂ ᠬᠤᠳᠠᠯᠳᠣᠨ ᠪᠣᠷᠤᠯᠠᠭᠤᠯᠬᠤ ᠴᠡᠭ ᠢ ᠠᠯᠪᠠᠨ ᠶᠣᠰᠣ ᠪᠠᠷ ᠪᠠᠳᠣᠯᠠᠬᠤ ᠪᠠ ᠣᠯᠣᠰ ‍ᠤᠨ‌ᠣᠷᠭᠠᠨᠢᠭ ᠲᠠᠷᠢᠶᠠᠯᠠᠩ ᠤᠨ  ᠪᠦᠲᠦᠭᠡᠭᠳᠡᠭᠦᠨ ᠢ ᠬᠠᠯᠠᠬᠤ ᠵᠥᠪᠰᠢᠶᠡᠷᠡᠯ ᠢ ᠨᠢᠭᠡᠨᠲᠡ ᠣᠯᠭᠤᠭᠰᠠᠨ ᠪᠠᠶᠢᠨ᠎ᠠ᠃ ᠲᠦᠮᠦᠰᠦ ᠶᠢᠨ ᠵᠢᠯ ᠤᠨ ᠭᠠᠷᠣᠯᠲᠠ ᠳᠣᠮᠳᠠᠴᠢ ᠪᠠᠷ 9 ᠳ᠋ᠦᠩᠰᠢᠭᠤᠷ ᠵᠢᠩ ᠪᠠᠶᠢᠵᠣ᠂ ᠪᠠᠰᠠ ᠪᠡᠶ᠎ᠡ ᠪᠠᠷ ᠲᠣᠮᠣ᠂ ᠬᠡᠯᠪᠡᠷᠢ ᠪᠠᠶᠢᠳᠠᠯ ᠨᠢ ᠲᠡᠩᠴᠡᠭᠦᠷᠢᠲᠠᠢ᠂ ᠴᠠᠷᠳᠠᠭᠤᠯ ᠤᠨ ᠠᠭᠤᠯᠣᠭᠳᠠᠴᠠ ᠨᠢ ᠥᠨᠳᠥᠷ᠂ ᠪᠣᠬᠢᠷᠳᠠᠯ ᠦᠭᠡᠢ ᠵᠡᠷᠭᠡ ᠣᠨᠴᠠᠯᠢᠭ ᠢᠶᠠᠷ ᠢᠶᠠᠨ ᠪᠡᠭᠡᠵᠢᠩ ᠲᠢᠶᠠᠨᠵᠢᠨ ᠵᠡᠷᠭᠡ ᠭᠠᠵᠠᠷ ᠤᠨ ᠲᠠᠭᠠᠰᠢᠶᠠᠯ ᠢ ᠬᠦᠷᠲᠡᠵᠠᠢ᠃  ᠶᠤᠤᠮᠠᠢ᠂ ᠰᠠᠭᠠᠳ ᠤᠨ ᠭᠤᠯᠢᠷ᠂ ᠦᠬᠡᠷ ᠪᠣᠷᠴᠠᠭ᠂ ᠱᠤᠰᠢ ᠨᠢ ᠨᠣᠲᠤᠭ ᠤᠨ ᠣᠨᠴᠠ ᠭᠠᠷᠣᠯᠲᠠ ᠪᠠᠶᠢᠵᠣ᠂ ᠰᠢᠮ᠎ᠡ ᠲᠡᠵᠢᠭᠡᠯ ᠥᠨᠳᠥᠷ᠂ ᠡᠷᠡᠬᠦᠯᠵᠡᠯ ᠤᠨ ᠦᠢᠯᠡᠳᠦᠯ ᠰᠠᠶᠢᠨ᠂ ᠪᠣᠬᠢᠷᠳᠣᠯ ᠦᠭᠡᠢ ᠵᠡᠷᠭᠡ ᠣᠨᠴᠠᠯᠢᠭ ᠲᠠᠢ᠃ ᠭᠡᠷ ᠤᠨ ᠲᠡᠵᠢᠭᠡᠪᠦᠷᠢ ᠠᠮᠢᠲᠠᠨ ᠨᠢ ᠭᠤᠣᠯᠳᠠᠭᠤ ᠰᠦᠨ ᠤ ᠦᠨᠢᠶ᠎ᠡ᠂ ᠭᠠᠵᠠᠷ ᠣᠷᠣᠨ ᠤ ᠬᠤᠨᠢ᠂ ᠨᠣᠣᠯᠣᠷ ᠤᠨ ᠢᠮᠠᠭ᠎ᠠ᠂ ᠭᠠᠭ᠋ᠠᠢ᠂ ᠲᠠᠥᠯᠠᠢ᠂ ᠣᠲᠣᠢ ᠲᠠᠬᠢᠶ᠎ᠠ᠂ ᠮᠢᠬᠠᠨ ᠤ ᠲᠠᠬᠢᠶ᠎ᠠ ᠵᠡᠷᠭᠡ ᠪᠣᠢ᠃ ᠡᠬᠦᠨ  ᠳᠤ ᠰᠦᠨ ᠤ ᠦᠨᠢᠶᠡᠨ ᠤ  ᠲᠤᠭ᠎ᠠ ᠨᠢ 3.2 ᠲᠦᠮᠡ ᠪᠠᠶᠢᠵᠣ᠂ ᠮᠢᠬᠠᠨ ᠤ ᠬᠤᠨᠢᠨ ᠤ ᠲᠤᠭ᠎ᠠ ᠨᠢ 38.33 ᠲᠦᠮᠡ᠂ ᠭᠠᠭ᠋ᠠᠢ 6.72 ᠲᠦᠮᠡ᠃ 2009 ᠣᠨ ᠤ ᠰᠡᠭᠦᠯᠴᠢ ᠶᠢᠨ ᠪᠦᠷᠢᠳᠬᠡᠭᠰᠡᠨ ᠣᠢ ᠰᠢᠭᠤᠢ ᠶᠢᠨ ᠪᠦᠷᠬᠦᠯᠲᠡ ᠶᠢᠨ ᠬᠡᠮᠵᠢᠶ᠎ᠡ ᠪᠠ ᠣᠢ ᠰᠢᠭᠤᠢ ᠣᠷᠭᠤᠮᠠᠯ ᠤᠨ ᠪᠦᠷᠬᠦᠮᠵᠢ ᠲᠣᠰ ᠪᠦᠷᠢ 23.35% ᠪᠠ 47% ᠬᠦᠷᠦᠭᠰᠡᠨ ᠪᠠᠶᠢᠨ᠎ᠠ᠃      ᠵᠠᠮ ᠬᠠᠷᠢᠯᠴᠠᠭ᠎ᠠ᠂ ᠴᠢᠮᠡᠭᠡ ᠨᠡᠪᠲᠡᠷᠯᠡᠭᠡ᠂ ᠡᠨᠧᠷᠬᠢ ᠶᠢᠨ ᠰᠣᠷᠪᠣᠯᠵᠢ᠃ ᠰᠢᠩ ᠾᠧ ᠰᠢᠶᠠᠨ ᠤ ᠵᠠᠮ ᠬᠠᠷᠢᠯᠴᠠᠭ᠎ᠠ ᠲᠡᠭᠡᠭᠡᠪᠦᠷᠢ ᠨᠢ ᠵᠠᠰᠠᠮᠠᠯ ᠵᠠᠮ ᠢᠶᠠᠷ ᠭᠤᠣᠯ ᠪᠣᠯᠭᠠᠵᠣ᠂ 110 ᠳ᠋ᠤᠭᠠᠷ ᠣᠯᠣᠰ ᠤᠨ ᠵᠠᠮ ᠪᠠ ᠪᠡᠭᠡᠵᠢᠩ ᠲᠥᠪᠡᠳ ᠤᠨ ᠦᠨᠳᠥᠷ ᠬᠤᠷᠳᠣᠴᠠᠲᠣ ᠵᠠᠰᠠᠮᠠᠯ ᠵᠠᠮ ᠨᠢ ᠰᠢᠶᠠᠨ ᠤ ᠳᠣᠮᠳᠠᠭᠤᠷ ᠵᠠᠭᠦᠨᠰᠢ ᠪᠠᠷᠠᠭᠤᠨᠰᠢ ᠬᠦᠨᠳᠡᠯᠢᠨ ᠢᠶᠠᠷ ᠦᠩᠭᠡᠷᠡᠳᠡᠩ᠃ ᠪᠦᠬᠦ ᠰᠢᠶᠠᠨ ᠤ ᠵᠠᠰᠠᠮᠠᠯ ᠵᠠᠮ ᠤᠨ ᠨᠡᠶᠢᠲᠡ ᠣᠷᠲᠣ ᠨᠢ1144  ᠺᠢᠯᠣᠮᠧᠲᠷ᠂ ᠨᠢᠭᠳᠠᠴᠠ ᠶᠢᠨ ᠬᠡᠮᠵᠢᠶ᠎ᠡ ᠲᠡᠭᠰᠢ ᠲᠦᠷᠪᠡᠯᠵᠢᠨ ᠺᠢᠯᠣᠮᠧᠲᠷ ᠪᠦᠷᠢ ᠳᠤ37.8% ᠬᠦᠷᠳᠡᠭ᠃ ᠪᠡᠭᠡᠵᠢᠩ ᠯᠠᠨᠵᠧᠦ ᠶᠢᠨ ᠭᠡᠷᠡᠯ ᠲᠠᠳᠣᠯᠭ᠎ᠠ ᠴᠢᠮᠡᠭᠡ  ᠨᠡᠪᠲᠡᠷᠡᠯᠭᠡ ᠶᠢᠨ ᠭᠤᠣᠯ ᠱᠤᠭᠤᠮ ᠬᠢᠯᠢ ᠲᠤᠮᠳᠠᠭᠤᠷ ᠦᠩᠭᠡᠷᠡᠳᠡᠭ  ᠃  ᠪᠦᠬᠦ ᠰᠢᠶᠠᠩ ᠪᠠᠯᠭᠠᠰᠤ ᠡᠵᠡᠮᠰᠢᠯᠲᠣ ᠣᠲᠠᠰᠣ ᠪᠠ ᠤᠲᠠᠰᠣᠲᠣ ᠲᠧᠯᠸᠢᠰ ᠢ  ᠨᠡᠭᠡᠭᠡᠵᠦ ᠨᠡᠪᠲᠡᠷᠡᠭᠦᠯᠦᠨ᠂ ᠰᠢᠯᠵᠢᠮᠡᠯ ᠬᠤᠯᠪᠣᠭ᠎ᠠ ᠰᠥᠯᠵᠢᠶ᠎ᠡ ᠶᠢᠨ ᠪᠦᠷᠬᠦᠴᠡ ᠪᠦᠬᠦ ᠬᠢᠯᠢ ᠣᠷᠣᠨ ᠢ ᠪᠦᠷᠬᠦᠳᠡᠭ᠃ ᠪᠦᠬᠦ ᠰᠢᠶᠠᠨ 220 ᠺᠢᠯᠣᠸᠠᠲ ᠴᠠᠬᠢᠯᠭᠠᠨ  ᠬᠤᠪᠢᠰᠬᠠᠭᠤᠷ ᠤᠨ ᠦᠷᠲᠡᠭᠡ ᠨᠢᠭᠡ ᠰᠠᠭᠤᠷᠢ᠂ 110 ᠺᠢᠯᠤᠸᠠᠲ ᠴᠠᠬᠢᠯᠭᠠᠨ ᠬᠤᠪᠢᠰᠬᠠᠭᠤᠷ ᠤᠨ ᠦᠷᠲᠡᠭᠡ 2 ᠰᠠᠭᠤᠷᠢ᠂ 35 ᠺᠢᠯᠣᠸᠠᠲ ᠴᠠᠬᠢᠯᠭᠠᠨ ᠬᠤᠪᠢᠰᠬᠠᠭᠤᠷ ᠤᠨ ᠦᠷᠲᠡᠭᠡ ᠶᠢᠰᠦᠨ ᠰᠠᠭᠤᠷᠢ ᠪᠠᠶᠢᠵᠤ᠂ ᠮᠠᠰᠢᠨ ᠴᠣᠭᠴᠠᠯᠠᠪᠤᠷᠢ ᠶᠢᠨ ᠪᠠᠭᠲᠠᠭᠠᠮᠵᠢ 73250 ᠺᠢᠯᠤᠸᠠᠲ ᠪᠣᠯᠣᠨ᠎ᠠ᠃      ᠬᠦᠮᠦᠨ ᠰᠤᠶᠤᠯ ᠪᠠ ᠪᠠᠶᠢᠭᠠᠯᠢ ᠶᠢᠨ ᠦᠵᠡᠮᠵᠢ᠃ ᠰᠢᠩ  ᠾᠧ ᠰᠢᠶᠠᠨ ᠠᠴᠠ ᠪᠠᠷᠠᠭᠤᠨ ᠡᠮᠦᠨᠡᠰᠢ40 ᠺᠢᠯᠣᠮᠧᠲᠷ ᠵᠠᠶᠢᠲᠠᠢ ᠪᠠᠶᠢᠭ᠎ᠠ ᠰᠤᠮᠤᠨ ᠠᠭᠤᠯᠠ ᠨᠢ ᠣᠮᠠᠷᠠᠲᠤ ᠣᠷᠣᠨ ᠤ ᠬᠠᠮᠤᠭ ᠶᠡᠭᠡ ᠬᠦᠮᠦᠨ ᠤ ᠬᠦᠴᠦ ᠪᠠᠷ ᠪᠣᠶᠢᠵᠢᠭᠤᠯᠣᠭᠰᠠᠨ ᠣᠢ ᠰᠢᠭᠤᠢ ᠪᠣᠯᠣᠨ᠎ᠠ᠃ ᠥᠪᠥᠷ ᠮᠣᠩᠭᠤᠯ ᠤᠨ ︽ᠬᠤᠶᠠᠳᠤᠭᠠᠷ ᠪᠠᠭ᠎ᠠ ᠬᠢᠩᠭᠠᠨ ᠳᠠᠪᠠᠭ᠎ᠠ︾  ᠭᠡᠵᠤ  ᠨᠡᠷᠡᠶᠢᠳᠡᠳᠡᠭ᠃ ᠪᠦᠬᠦ ᠲᠠᠯᠠᠪᠠᠢ ᠨᠢ 32 ᠲᠦᠮᠡᠨ ᠮᠦ᠂ ᠣᠢ ᠮᠣᠳᠤ ᠲᠠᠢ ᠲᠠᠯᠠᠪᠠᠢ ᠨᠢ 22.72 ᠲᠦᠮᠡᠨ ᠮᠦ᠂ ᠣᠢ ᠰᠢᠭᠤᠢ ᠶᠢᠨ ᠪᠦᠷᠬᠦᠴᠡ ᠨᠢ 71% ᠬᠦᠷᠴᠦ᠂ ︽ᠪᠠᠶᠢᠭᠠᠯᠢᠯᠢᠭ ᠬᠦᠴᠢᠯᠳᠦᠷᠦᠭᠴᠢ ᠶᠢᠨ  ᠪᠠᠭᠠᠷ︾ ᠭᠡᠰᠡᠨ ᠨᠡᠷ᠎ᠡ ᠲᠠᠢ᠂ ᠪᠦᠬᠦ ᠰᠢᠶᠠᠨ ᠤ ᠬᠠᠮᠤᠭ ᠥᠨᠳᠥᠷ ᠣᠷᠭᠢᠯ ᠪᠣᠯᠬᠤ ᠬᠤᠸᠠᠩ ᠱᠢ ᠶᠠ  ᠬᠠᠳᠠ  ᠂ ᠡᠬᠡ ᠪᠠᠶᠢᠭᠠᠯᠢ ᠠᠴᠠ ᠪᠦᠲᠦᠭᠡᠭᠳᠡᠭᠰᠡᠨ ︽ ᠯᠠᠮᠠ ᠶᠢᠨ ᠠᠭᠤᠢ︾᠂ ︽ᠡᠮᠦᠨ᠎ᠡ ᠲᠡᠭᠷᠢ ᠶᠢᠨ ᠡᠭᠦᠳᠡ︾᠂ ︽ᠠᠮᠠᠷᠠᠭ ᠬᠤᠣᠰ ᠤᠨ ᠴᠢᠯᠠᠭᠤ︾᠂ ︽ᠮᠢᠩᠭᠠᠨ ᠵᠢᠯ ᠤᠨ ᠶᠠᠰᠤᠲᠤ ᠮᠡᠯᠡᠬᠡᠢ︾᠂ ︽ᠰᠠᠬᠢᠭᠤᠯᠰᠣᠨ ᠬᠦᠯᠦᠭ ᠤᠨ ᠲᠣᠭᠤᠷᠠᠢ︾ ᠵᠡᠷᠭᠡ ᠦᠵᠡᠮᠵᠢ ᠪᠣᠢ᠃ 110 ᠳ᠋ᠤᠭᠠᠷ ᠣᠯᠣᠰ ᠤᠨ ᠵᠠᠮ ᠤᠨ ᠬᠠᠵᠠᠭᠤᠳᠠᠬᠢ ᠯᠣᠣ ᠯᠢ ᠬᠠᠢ᠂ ᠣᠰᠣᠨ ᠭᠠᠳᠠᠷᠭᠤ ᠶᠢᠨ ᠪᠦᠬᠦ ᠲᠠᠯᠠᠪᠠᠢ ᠨᠢ 1360 ᠮᠦ᠂ ᠨᠡᠶᠢᠲᠡ ᠭᠤᠷᠪᠠᠨ ᠶᠡᠭᠡ ᠪᠠᠭ᠎ᠠ ᠨᠠᠭᠤᠷ ᠢᠶᠠᠷ ᠪᠦᠷᠢᠯᠳᠦᠨ ᠪᠦᠲᠦᠭᠰᠡᠨ᠂ ᠵᠢᠭᠠᠰᠣ ᠵᠢᠷᠠᠭᠠᠬᠠᠢ ᠦᠷᠡᠵᠢᠨ ᠣᠯᠠᠰᠢᠷᠠᠬᠤ᠂ ᠬᠤᠪᠣᠷ ᠴᠤᠬᠠᠭ ᠵᠢᠭᠦᠷᠲᠡᠨ ᠤ ᠣᠷᠣᠰᠢᠨ ᠲᠣᠭᠲᠠᠨᠢᠬᠤ ᠲᠣᠬᠢᠷᠠᠮᠵᠢᠲᠠᠢ ᠣᠷᠣᠨ᠂ ᠥᠪᠡᠷᠳᠡᠭᠡᠨ ᠵᠠᠰᠠᠬᠤ ᠣᠷᠣᠨ ᠤ ᠠᠶᠠᠯᠠᠯ ᠵᠢᠭᠤᠯᠴᠢᠯᠠᠯ ᠤᠨ ᠲᠦᠯᠦᠪᠵᠢᠭᠦᠯᠭᠡ᠂ ᠯᠣᠣ ᠯᠢ ᠬᠠᠢ ᠶᠢ ᠲᠦᠷᠪᠡᠳᠦᠭᠡᠷ ᠳᠡᠰ ᠤᠨ ᠠᠶᠠᠯᠠᠯ ᠵᠢᠭᠤᠯᠴᠢᠯᠠᠯ ᠤᠨ ᠡᠬᠢ ᠪᠠᠶᠠᠯᠢᠭ ᠢᠶᠠᠷ ᠪᠠᠲᠣᠯᠠᠭᠰᠠᠨ ᠶᠤᠮ᠂ 2004 ᠣᠨ ᠠᠴᠠ ᠡᠬᠢᠯᠡᠨ ᠲᠠᠯ᠎ᠠ ᠨᠣᠲᠤᠭ ᠤᠨ ᠦᠨᠳᠦᠰᠦᠲᠡᠨ ᠤ ᠣᠨᠴᠠᠯᠢᠭ ᠢᠶᠠᠷ ᠭᠤᠣᠯ ᠪᠣᠯᠭᠠᠭᠰᠠᠨ ᠠᠶᠠᠯᠠᠯ ᠵᠢᠭᠤᠯᠴᠢᠯᠠᠯ ᠤᠨ ᠲᠦᠷᠦᠯ ᠵᠦᠢᠯ ᠨᠡᠭᠡᠭᠡᠨ᠂  ᠣᠳᠣ ᠨᠢᠭᠡᠨᠲᠡ ᠳᠣᠬᠢᠷᠠᠭᠰᠠᠨ ᠬᠡᠮᠵᠢᠶᠡᠨ ᠤ ᠵᠣᠴᠢᠯᠠᠬᠤ ᠴᠢᠳᠠᠪᠣᠷᠢ ᠲᠠᠢ ᠪᠣᠯᠣᠭᠰᠠᠨ ᠪᠠᠶᠢᠨ᠎ᠠ᠃
 
ᠢᠷᠡᠯᠲᠡ᠄ ᠰᠢᠩ ᠾᠧ ᠰᠢᠶᠠᠨ ᠤ ᠵᠠᠰᠠᠭ ᠤᠨ ᠣᠷᠳᠣᠨ ᠤ ᠬᠢᠲᠠᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备12001417号-3